论文信息


题名 ᠮᠣᠩᠭᠤᠯ ᠬᠤᠷᠢᠮ ᠤᠨ ᠬᠡᠯᠡᠮᠤᠷ ᠤᠨ ᠪᠢᠴᠢᠪᠦᠷᠢ ᠳ᠋ᠤ ᠲᠡᠮᠳᠡᠭᠯᠡᠭᠳᠡᠭᠰᠡᠨ ᠬᠦᠷᠭᠡᠨ ᠤ ᠲᠠᠯ ᠠ ᠶᠢᠨ ᠵᠠᠩ ᠦᠢᠯᠡ
作者 ᠠᠮᠤᠷᠰᠠᠨᠠᠭ᠎ᠠ
关键词 ᠬᠠᠳᠠᠭ ᠲᠠᠯᠪᠢᠬᠤ; ᠰᠦᠢ ᠪᠡᠯᠡᠭ ᠪᠠᠷᠢᠬᠤ; ᠲᠡᠪᠡᠢ ᠬᠤᠪᠴᠠᠰᠤ; ᠨᠤᠮᠤ ᠰᠠᠭᠠᠳᠠᠭ; ᠬᠡᠳᠡ ᠶᠢᠨ ᠵᠠᠩ ᠦᠢᠯᠡ
摘要 ᠮᠣᠩᠭᠤᠯ ᠬᠤᠷᠢᠮ ᠤᠨ ᠵᠠᠩ ᠦᠢᠯᠡ ᠶᠢᠨ ᠰᠣᠳᠤᠯᠤᠯ ᠳ᠋ᠤ 《 ᠬᠤᠷᠢᠮ ᠤᠨ ᠬᠡᠯᠡᠮᠤᠷ ᠤᠨ ᠲᠡᠪᠳᠡᠷ》》 《ᠬᠤᠨᠵᠢᠨ ᠲᠡᠪᠳᠡᠷ》 ᠵᠡᠷᠭᠡ ᠨᠢ ᠦᠨ᠎ᠠ ᠴᠡᠨ᠎ᠠ ᠲᠠᠢ ᠭᠡᠷᠡᠭᠯᠡᠭᠳᠡᠬᠦᠨ ᠪᠤᠯᠤᠭᠰᠠᠭᠠᠷ ᠢᠷᠡᠭᠰᠡᠨ᠃ ᠬᠤᠷᠢᠮ ᠤᠨ ᠲᠠᠷᠠᠭᠠᠯᠠᠭᠰᠠᠨ ᠤᠯᠠᠨ ᠶᠤᠰᠤ ᠵᠠᠩᠰᠢᠯ ᠳ᠋ᠡᠬᠢᠤᠷᠤᠭ ᠲᠤᠭᠲᠠᠬᠤ᠂ ᠪᠡᠷᠢ ᠭᠤᠶᠤᠬᠤ᠂ ᠦᠬᠢᠨ ᠬᠦᠷᠭᠡᠬᠦ ᠂ ᠦᠬᠢ ᠡᠷᠬᠢᠬᠦ ᠵᠡᠷᠭᠡ ᠵᠠᠩ ᠦᠢᠯᠡ ᠨᠤᠭᠦᠳ ᠲᠤ ᠪᠡᠯᠡᠭ ᠡᠳ᠋ ᠤᠨ ᠵᠦᠢᠯ ᠢᠢᠡᠨ ᠡᠷᠬᠦᠨᠪᠠᠷᠢᠳᠠᠭ ᠤᠯᠠᠮᠵᠢᠯᠠᠯ ᠲᠠᠢ᠃ ᠡᠭᠦᠨ ᠳ᠋ᠤ ᠬᠠᠮᠤᠭ ᠤᠨ ᠦᠷᠭᠡᠨ ᠬᠡᠷᠡᠭᠯᠡᠭᠳᠡᠳᠡᠭ᠌ ᠍ᠪᠡᠯᠡᠭ ᠤᠨ ᠵᠦᠢᠯ ᠳ᠋ᠤ ᠠᠷᠢᠭᠤᠨ ᠴᠠᠭᠠᠨ ᠬᠠᠳᠠᠭ᠂ ᠠᠷᠢᠭᠤᠨ ᠴᠠᠭᠠᠨ ᠰᠦ᠋ ᠶᠢᠨ ᠲᠡᠭᠡᠵᠢ᠂ ᠬᠤᠨᠲᠠᠨ ᠴᠠᠭᠠᠨ ᠬᠤᠨᠢ ᠪᠤᠶᠤ ᠮᠣᠩᠭᠤᠯᠴᠤᠳ ᠬᠠᠯᠠᠭᠤᠨ ᠬᠤᠰᠢᠭᠤ ᠲᠠᠢᠮᠠᠯ ᠬᠡᠮᠡᠨ ᠪᠡᠯᠭᠡᠰᠢᠶᠡᠳᠡᠭ ᠤᠴᠢᠷ ᠡᠳᠡᠭᠡᠷ ᠭᠤᠷᠪᠠᠨ ᠪᠡᠯᠡᠭ ᠢ ᠲᠡᠭᠡᠵᠢᠯᠡᠨ ᠪᠠᠷᠢᠳᠠᠭ᠃ ᠬᠤᠷᠢᠮ ᠤᠨ ᠶᠤᠰᠤᠨ ᠤ ᠪᠡᠯᠡᠭ ᠲᠤ ᠰᠢᠨ᠎ᠠ ᠬᠦᠷᠭᠡᠨ᠂ ᠰᠢᠨ᠎ᠠ ᠪᠡᠷᠢ ᠬᠠᠷᠢᠯᠴᠠᠨ ᠬᠠᠳᠠᠮ ᠠᠪᠤ ᠡᠵᠢ ᠳ᠋ᠤ ᠪᠠᠨ ᠪᠡᠯᠡᠭ ᠪᠠᠷᠢᠬᠤ᠂ ᠭᠡᠷ ᠤᠨ ᠤᠢᠷ ᠠ ᠲᠦᠷᠦᠯ ᠤᠨ ᠨᠠᠰᠤᠲᠠᠨ ᠳ᠋ᠤ ᠭᠠᠳᠠᠭ᠂ ᠬᠤᠪᠴᠠᠰᠤ᠂ ᠵᠦᠢᠷᠡᠢ ᠭᠤᠲᠤᠯ ᠵᠡᠷᠭᠡ ᠵᠢ ᠪᠡᠯᠡᠳᠭᠡᠨ ᠪᠡᠯᠭᠡᠯᠡᠬᠦ᠂ ᠬᠠᠳᠠᠮ ᠤᠨ ᠭᠡᠷ ᠲᠦ ᠮᠤᠷᠲᠠᠵᠤ ᠪᠤᠢ ᠦᠬᠢᠨ ᠳ᠋ᠤ ᠪᠠᠨ ᠠᠪᠤ ᠡᠵᠢ ᠨᠢ ᠵᠠᠰᠠᠯ ᠴᠢᠮᠡᠭᠯᠡᠯ᠂ ᠬᠤᠪᠴᠠᠰᠤ ᠬᠨᠠᠷ᠂ ᠡᠳ᠋ᠯᠡᠯ ᠬᠡᠷᠡᠭᠰᠡᠯ᠂ ᠤᠨᠤᠬᠤ ᠤᠨᠤᠭ᠎ᠠ ᠵᠢ ᠨᠢ ᠲᠠᠭᠠᠭᠤᠯᠤᠨ ᠦᠭᠬᠦ᠂ ᠵᠠᠷᠢᠮ ᠨᠤᠲᠤᠭ ᠲᠠ ᠮᠤᠷᠢ ᠦᠭᠭᠦᠭᠡ ᠦᠭᠡᠢ ᠪᠤᠯ ᠰᠢᠨ᠎ᠠ ᠬᠤᠤᠰ ᠤᠨ ᠬᠠᠷᠠᠯᠲᠠ ᠵᠢ ᠬᠠᠤᠯᠢ ᠪᠤᠰᠤ ᠭᠡᠵᠦ ᠦᠵᠡᠬᠦ ᠵᠡᠷᠭᠡ ᠪᠤᠢ᠃ ᠡᠭᠦᠨ ᠡᠴᠡ ᠬᠠᠷᠠᠬᠤ ᠳ᠋ᠤ ᠡᠨᠡ ᠬᠦ ᠵᠠᠩᠰᠢᠯ ᠨᠢ ᠪᠠᠰᠠ ᠶᠠᠮᠠᠷ ᠴᠢᠩᠭ᠎ᠠ ᠬᠠᠳᠠᠭᠤ ᠪᠠᠢᠭᠰᠠᠨ ᠢ ᠴᠦ ᠬᠠᠷᠠᠭᠤᠯᠵᠤ ᠪᠠᠢᠭ᠎ᠠ ᠶᠣᠮ᠃ ᠮᠦᠨ ᠦᠬᠢᠨ ᠤ ᠢᠨᠵᠢ ᠪᠡᠯᠡᠭᠪᠤᠯᠭᠠᠨ ᠲᠠᠭᠠᠭᠤᠯᠤᠭᠰᠠᠨ ᠡᠳ᠋ ᠵᠢᠯ ᠢ ᠨᠠᠷᠢᠨ ᠪᠢᠴᠢᠵᠦ ᠲᠡᠮᠳᠡᠭᠯᠡᠭᠰᠡᠨ ᠲᠠᠩᠰᠠ ᠲᠡᠪᠲᠡᠢ ᠢ ᠬᠦᠷᠲᠡᠯ ᠠ ᠭᠠᠷᠲᠠᠭᠤᠯᠤᠨ ᠦᠭᠳᠡᠭ ᠪᠠᠢᠵᠠᠢ᠃
原文 没有原文
出自 蒙古学研究 2020年 第1期

联系我们


内蒙古大学图书馆
呼和浩特市大学西路235号
中国·内蒙古
P: (0471) 4992561
E: huangfeilong@imu.edu.cn