摘要 |
ᠤᠷᠤᠰ ᠤᠨ ᠲᠤᠸᠠᠴᠤᠳ ᠤᠨ ᠲᠤᠸᠠ ᠬᠯᠡᠨ ᠤ ᠲᠤᠬᠠᠢ ᠠᠩᠯᠢ ᠬᠡᠯᠡᠨ ᠳ᠋ᠤ ᠪᠢᠴᠢᠭᠳᠡᠭᠰᠡᠨ ᠦᠭᠦᠯᠡᠯ ᠤᠳ ᠢ ᠠᠵᠢᠭᠯᠠᠪᠠᠯ᠂ ᠤᠭᠰᠠᠭᠠᠲᠠᠨ ᠵᠦᠢ ᠶᠢᠨ ᠬᠠᠷᠭᠠᠰᠤ ᠡᠴᠡ ᠬᠢᠭᠰᠡᠨ ᠰᠣᠳᠤᠯᠭ᠎ᠠ ᠬᠠᠷᠠᠭᠳᠠᠬᠤ ᠦᠭᠡᠢ᠃ᠤᠭᠰᠠᠭᠠᠲᠠᠨ ᠵᠦᠢ ᠶᠢᠨ ᠰᠣᠳᠤᠯᠤᠯ ᠨᠢ ᠨᠢᠭᠡ ᠦᠨᠳᠦᠰᠦᠲᠡᠨ ᠤ ᠬᠡᠯᠡ ᠵᠢ ᠨᠡᠢᠭᠡᠮ ᠲᠡᠦᠭ ᠡᠵᠡᠷᠭᠡ ᠤᠯᠠᠨ ᠬᠠᠷᠭᠠᠰᠤ ᠡᠴᠡ ᠦᠨᠡᠨ ᠪᠤᠳᠠᠳᠤ ᠠᠷᠬᠢᠪ ᠤᠨ ᠮᠠᠲ᠋ᠸᠷᠢᠶᠠᠯ ᠳ᠋ᠤ ᠲᠦᠰᠢᠭᠯᠡᠵᠦ ᠬᠦᠨ ᠰᠣᠳᠤᠯᠭ᠎ᠠ ᠬᠢᠳᠡᠭ ᠪᠦᠭᠡᠳ ᠬᠦᠷᠦᠯᠴᠡᠬᠦᠢᠴᠡ ᠴᠠᠭ ᠬᠤᠭᠤᠴᠠᠭᠠᠨ ᠳ᠋ᠤ ᠰᠣᠳᠤᠯᠤᠭᠠᠴᠢ ᠪᠡᠶ ᠠ ᠪᠡᠷ ᠢᠢᠡᠨ ᠤᠷᠤᠯᠴᠠᠭᠰᠠᠨ ᠡᠳᠦᠷ ᠲᠤᠳᠤᠮ ᠤᠨ ᠪᠤᠳᠠᠳᠤ ᠠᠵᠢᠭᠯᠠᠯᠲᠠ ᠪᠠ ᠪᠠᠢᠴᠠᠭᠠᠯᠲᠠ ᠬᠢᠳᠡᠭ᠃ᠡᠢᠮᠦᠷᠬᠦᠦ ᠰᠣᠳᠤᠯᠭᠠᠨ ᠤ ᠠᠷᠭ᠎ᠠ ᠪᠠᠷᠢᠯ ᠢᠢᠡᠷ ᠬᠢᠭᠰᠡᠨ ᠰᠣᠳᠤᠯᠭ᠎ᠠ ᠨᠢ ᠲᠤᠸᠠ ᠬᠡᠯᠡᠨ ᠤ ᠲᠡᠦᠭᠡᠨ ᠭᠦᠭᠵᠢᠯ᠂ ᠲᠤᠸᠠ ᠬᠡᠯᠡᠨ ᠤ ᠦᠢᠯᠡᠳᠦᠯᠭᠡ ᠲᠤᠮᠲᠠ ᠬᠡᠷᠡᠭᠯᠡᠭᠳᠡᠵᠦ ᠪᠠᠢᠭ᠎ᠠ ᠪᠠᠢᠳᠠᠯ ᠢ ᠬᠦᠮᠦᠰ ᠲᠤ ᠦᠨᠡᠨ ᠮᠦᠨ ᠢᠢᠡᠷ ᠰᠠᠢᠳᠤᠷ ᠤᠢᠯᠠᠭᠠᠤᠯᠵᠤ ᠲᠡᠢᠯᠳᠡᠭ᠃ ᠢᠩᠬᠢᠵᠦ ᠪᠦᠬᠦ ᠲᠠᠯ ᠠ ᠪᠡᠷ ᠨᠠᠷᠢᠯ ᠰᠣᠳᠤᠯᠭ᠎ᠠ ᠬᠢᠬᠦ ᠨᠢ ᠲᠤᠸᠠ ᠬᠡᠯᠡᠨ ᠤ ᠤᠯᠠᠮᠵᠢᠯᠠᠯ ᠬᠦᠭᠵᠢᠯ ᠳ᠋ᠤ ᠴᠦ ᠵᠠᠢᠯᠠᠰᠢ ᠦᠭᠡᠢ ᠠᠬᠢᠭᠤᠯᠬᠤ ᠦᠢᠯᠡᠳᠦᠯ ᠲᠠᠢ ᠶᠣᠮ᠃ |