摘要 |
《 ᠵᠤᠤ ᠤᠳᠠ ᠶᠢᠨ ᠰᠣᠨᠢᠨ》 ᠳ᠋ᠤ ᠪ᠂ ᠪᠦᠷᠢᠨᠪᠡᠬᠢ ᠶᠢᠨ ᠰᠢᠯᠦᠭ ᠨᠡᠢᠲᠡᠯᠡᠭᠳᠡᠵᠦ ᠪᠠᠢᠭᠰᠠᠨ ᠰᠤᠷᠠᠭ ᠰᠣᠳᠤᠯᠭᠠᠨ ᠳ᠋ᠤ ᠶᠤᠷᠦ ᠲᠤᠬᠢᠶᠠᠯᠳᠤᠭ᠎ᠠ ᠦᠭᠡᠢ; ᠪ᠂ ᠪᠦᠷᠢᠨᠪᠡᠬᠢ ᠭᠡᠬᠦ ᠨᠡᠷ ᠠ ᠬᠠᠳᠠᠭᠰᠠᠨ 《 ᠨᠤᠲᠤᠭ ᠤᠨ ᠮᠢᠨᠢ ᠬᠦᠮᠦᠰ》 ᠭᠡᠬᠦ ᠮᠦᠴᠡᠯᠭᠡ ᠰᠢᠯᠦᠭ ᠲᠦᠷᠦᠬᠦᠦ ᠵᠠᠭᠤᠨ ᠤ ᠵᠢᠷᠠᠭᠠᠳ ᠤᠨ ᠤ ᠡᠬᠢ ᠪᠠᠷ《 ᠵᠤᠤᠤᠳᠠ ᠶᠢᠨ ᠰᠣᠨᠢᠨ》 ᠳ᠋ᠤᠨᠡᠢᠲᠡᠯᠡᠭᠳᠡᠪᠡ᠃ ᠡᠨᠡ ᠰᠢᠯᠦᠭ ᠪᠤᠯ ᠵᠤᠬᠢᠶᠠᠭᠴᠢ ᠶᠢᠨ ᠲᠤᠬᠠᠢ ᠶᠢᠨ ᠦᠶ ᠠ ᠳ᠋ᠤ ᠨᠡᠢᠲᠡᠯᠡᠬᠦᠯᠵᠦ ᠪᠠᠢᠭᠰᠠᠨ 《 ᠨᠤᠲᠤᠭ ᠤᠨ ᠮᠢᠨᠢ ᠬᠦᠮᠦᠰ ᠪᠯᠤᠤᠨ ᠨᠤᠲᠤᠭ ᠤᠨ ᠮᠢᠨᠢ ᠦᠵᠡᠮᠵᠢ》 ᠭᠡᠬᠦ ᠠᠳᠠᠯᠢ ᠰᠡᠳᠦᠪᠲᠦ ᠰᠢᠯᠦᠭ ᠤᠳ ᠤᠨ ᠬᠢᠨᠢ ᠨᠢᠭᠡ ᠮᠦᠨ᠃ ᠤᠭ ᠰᠢᠯᠦᠭ ᠵᠤᠬᠢᠶᠠᠭᠴᠢ ᠶᠢᠨ ᠲᠡᠭᠦᠪᠦᠷᠢ ᠨᠣᠭᠦᠳ ᠲᠤ ᠪᠠᠢᠬᠤ ᠦᠭᠡᠢ᠃ 《ᠨᠤᠲᠤᠭ ᠤᠨ ᠮᠢᠨᠢ ᠬᠦᠮᠦᠰ》 ᠪᠤᠯ ᠲᠡᠭᠦᠨ ᠤ ᠰᠢᠯᠦᠭ ᠤᠨ ᠰᠢᠨ᠎ᠠ ᠤᠯᠳᠠᠪᠤᠷᠢ ᠲᠤᠯᠠ ᠪ᠂ ᠪᠦᠷᠢᠨᠪᠡᠬᠢ ᠰᠣᠳᠤᠯᠭᠠᠨ ᠤ ᠴᠢᠬᠤᠯᠠ ᠮᠠᠲ᠋ᠸᠷᠢᠶᠠᠯ ᠤᠨ ᠨᠢᠭᠡ ᠪᠤᠯᠤᠨ᠎ᠠ᠃ |