摘要 |
ᠵᠠᠩ ᠦᠢᠯᠡ ᠶᠢᠨ ᠭᠡᠷᠡᠯ ᠵᠢᠷᠤᠭ ᠲᠤ ᠵᠠᠩ ᠦᠢᠯᠡ ᠶᠢᠨ ᠭᠡᠷᠡᠭ ᠦᠵᠡᠭᠳᠡᠯ ᠳ᠋ᠤ ᠬᠤᠯᠪᠤᠭᠳᠠᠭᠰᠠᠨ ᠵᠦᠢᠯᠡᠰ ᠢ ᠰᠡᠭᠦᠳᠡᠷᠯᠡᠨ ᠲᠡᠮᠳᠡᠭᠯᠡᠳᠡᠭ᠌᠃ ᠲᠡᠷᠡ ᠨᠢ ᠨᠡᠢᠭᠡᠮ᠂ ᠰᠢᠨᠵᠢᠯᠡᠬᠦ ᠤᠬᠠᠭᠠᠨ ᠤ ᠬᠦᠭᠵᠢᠯᠲᠡ ᠵᠢ ᠲᠠᠭᠠᠯᠲᠤᠨ ᠰᠤᠷᠠᠭ ᠵᠠᠩᠬᠢ ᠶᠢᠨ ᠤᠯᠠᠮᠵᠢᠯᠠᠭ᠎ᠠ ᠴᠢᠵᠢ ᠨᠡᠩ ᠦᠷᠭᠡᠨ ᠬᠡᠪᠢᠴᠶᠠᠨ ᠤ ᠰᠣᠶᠣᠯ ᠤᠨ ᠤᠯᠠᠮᠵᠢᠯᠠᠨ ᠲᠠᠷᠬᠠᠯᠲᠠ ᠳ᠋ᠤ ᠵᠤᠬᠢᠬᠤ ᠭᠠᠵᠠᠷ ᠠᠪᠴᠤ ᠪᠠᠢᠭ᠎ᠠ ᠶᠣᠮ᠃ ᠪᠢᠳᠠ ᠵᠠᠩ ᠦᠢᠯᠡ ᠶᠢᠨ ᠭᠡᠷᠡᠯ ᠵᠢᠷᠤᠭ ᠤᠨ ᠬᠦᠭᠵᠢᠯ ᠤᠨ ᠵᠠᠮ ᠮᠦᠷ ᠢ ᠲᠤᠳᠤᠷᠬᠠᠢᠯᠠᠨ᠂ ᠲᠤᠳᠤᠭᠠᠲᠤ ᠣᠨᠠᠯᠢᠭ ᠰᠢᠨᠵᠢ ᠵᠢᠴᠢ ᠢᠯᠡᠷᠡᠬᠦ ᠬᠡᠯᠪᠡᠷᠢ ᠠᠭᠤᠯᠭ᠎ᠠ ᠵᠢ ᠨᠢ ᠤᠢᠯᠠᠭᠠᠭᠰᠠᠨ ᠤ ᠰᠠᠭᠤᠷᠢᠨ ᠳ᠋ᠤ ᠲᠡᠬᠦᠨ ᠤ ᠤᠯᠠᠮᠵᠢᠯᠠᠭᠠᠨ ᠤ ᠣᠨᠴᠠᠯᠢᠭ ᠡᠴᠡ ᠭᠠᠷᠳᠠᠵᠤ ᠤᠯᠠᠮᠵᠢᠯᠠᠭᠠᠨ ᠤ ᠴᠢᠳᠠᠮᠵᠢ ᠵᠢ ᠲᠡᠭᠡᠭᠰᠢᠯᠡᠬᠦᠯᠬᠦ ᠨᠢ ᠮᠠᠰᠢ ᠴᠢᠬᠤᠯᠠ ᠪᠠᠢᠳᠠᠭ᠃ |