摘要 |
ᠮᠣᠩᠭᠤᠯ ᠦᠨᠳᠦᠰᠦᠲᠡᠨ ᠤ ᠰᠣᠶᠣᠯ ᠤᠷᠠᠯᠢᠭ ᠤᠨ ᠲᠠᠯᠠᠢ ᠪᠠᠶᠠᠨ ᠡᠷᠳᠡᠨᠢᠰ ᠼᠨ ᠰᠠᠩ ᠳ᠋ᠤ《ᠵᠢᠩᠭᠠᠷ》 ᠤᠨ ᠲᠤᠤᠯᠢ ᠡᠷᠬᠢᠮ ᠪᠠᠢᠷᠢ ᠵᠢ ᠡᠵᠡᠯᠡᠬᠦ ᠵᠢ ᠤᠯᠤᠰ ᠤᠨ ᠲᠤᠳᠤᠭᠠᠲᠤ ᠭᠠᠳᠠᠭᠠᠲᠤ ᠶᠢᠨ ᠡᠷᠳᠡᠮᠲᠡᠨ ᠰᠠᠨᠠᠯ ᠨᠢᠭᠡᠳᠡᠢ ᠵᠦᠪᠰᠢᠶᠡᠷᠡᠵᠦ᠂ ᠲᠡᠭᠦᠨ ᠢ ᠠᠳᠠᠯᠢ ᠪᠣᠰᠤ ᠵᠣᠭᠰᠤᠴᠡ ᠡᠴᠡ ᠬᠦᠨᠵᠡᠭᠡᠢᠢᠷᠠᠭᠦᠯᠦᠨ ᠰᠣᠳᠤᠯᠵᠠᠭᠠᠵᠤ ᠪᠤᠢ᠃ ᠦᠨᠡᠭᠡᠷ ᠴᠦ 《ᠵᠢᠩᠭᠠᠷ》 ᠤᠨ ᠲᠤᠤᠯᠢ ᠮᠣᠨᠭᠤᠯ ᠠᠷᠠᠳ ᠤᠨ ᠠᠮᠠᠨ ᠵᠣᠬᠢᠶᠠᠯ ᠳ᠋ᠡᠬᠢ ᠲᠤᠤᠯᠢᠰ ᠤᠨ ᠪᠦᠲᠦᠭᠡᠯ ᠤᠨ ᠨᠤᠶᠠᠨ ᠣᠷᠬᠢᠯ ᠪᠤᠯᠭᠤᠰᠠᠨ ᠤ ᠪᠠᠨ ᠬᠤᠪᠢ ᠳ᠋ᠤ ᠲᠡᠬᠦᠨ ᠤ ᠤᠷᠠᠯᠢᠭ ᠤᠨ ᠭᠠᠬᠠᠮᠰᠢᠭᠲᠤ ᠷᠢᠳᠢ ᠰᠢᠳᠢ ᠨᠢ ᠬᠦᠮᠦᠰ ᠤᠨ ᠤᠷᠮ ᠠ ᠪᠠᠬ ᠠ ᠵᠢ ᠲᠠᠳᠠᠭᠰᠠᠨ ᠢᠢᠡᠷ ᠪᠠᠷᠠᠬᠤ ᠦᠭᠡᠢ᠂ ᠬᠠᠮᠤᠷᠤᠭᠰᠠᠨ ᠠᠭᠤᠯᠭ᠎ᠠ ᠶᠢᠨ ᠬᠢᠨᠢ ᠦᠭᠬᠢᠶᠡᠮᠦᠷ ᠪᠠᠶᠠᠨ ᠨᠢ ᠴᠦ ᠰᠣᠳᠤᠯᠭᠠᠨ ᠤ ᠴᠡᠷ ᠠ ᠬᠦᠷᠢᠶ ᠠ ᠵᠢ ᠦᠷᠭᠡᠵᠢᠬᠦᠯᠦᠨ ᠰᠣᠳᠣᠯᠣᠯ ᠰᠢᠨᠵᠢᠯᠡᠯ ᠤᠨ ᠰᠢᠨ ᠡ ᠲᠦᠪᠰᠢᠨ ᠳ᠋ᠤ ᠠᠬᠢᠬᠤ ᠳ᠋ᠤ ᠶᠠᠨᠳᠠᠭᠳᠠᠰᠢ ᠦᠭᠡᠢ ᠪᠠᠶᠠᠯᠢᠭ ᠮᠠᠲᠧᠷᠢᠶᠠᠯ ᠤᠳ ᠢ ᠬᠠᠩᠭᠠᠭᠰᠠᠨ ᠪᠠᠢᠨ᠎ᠠ᠃ |