题名 |
ᠮᠣᠩᠭᠤᠯ ᠤᠶᠤᠲᠠᠳ ᠤᠨ ᠰᠡᠳᠬᠢᠴᠡ ᠶᠢᠨ ᠡᠷᠡᠬᠦᠯ ᠴᠢᠬᠢᠷᠠᠭ ᠤᠨ ᠠᠰᠠᠭᠤᠳᠠᠯ ᠤᠨ ᠲᠤᠬᠠᠢ ᠲᠤᠭᠲᠠᠮ ᠰᠢᠨᠵᠢᠯᠡᠭᠡ |
作者 |
ᠡᠦ ᠮᠸᠢ ᠷᠦᠩ |
关键词 |
ᠮᠣᠩᠭᠤᠯ ᠤᠶᠤᠲᠠᠳ; ᠰᠡᠳᠬᠢᠴᠡ ᠶᠢᠨ ᠡᠷᠡᠬᠦᠯ ᠴᠢᠬᠢᠷᠠᠭ; ᠰᠡᠳᠬᠢᠴᠡ ᠶᠢᠨ ᠠᠰᠠᠭᠤᠳᠠᠯ; ᠰᠡᠳᠬᠢᠴᠡ ᠶᠢᠨ ᠡᠷᠡᠭᠦᠯ ᠴᠢᠬᠢᠷᠠᠭ ᠤᠨ ᠬᠦᠮᠦᠵᠢᠯ |
摘要 |
ᠪᠠᠶ ᠠ ᠰᠡᠳᠬᠢᠴᠡ ᠶᠢᠨ ᠡᠷᠡᠭᠦᠯ ᠴᠢᠬᠢᠷᠠᠭ ᠨᠢ ᠤᠶᠤᠲᠠᠳ ᠤᠨ ᠦᠵᠡᠯ ᠰᠠᠨᠠᠭ᠎ᠠ ᠶᠤᠰᠤ ᠰᠤᠷᠲᠠᠬᠤᠨ ᠤ ᠬᠦᠮᠦᠵᠢᠯ ᠪᠠ ᠰᠢᠨᠵᠢᠯᠡᠬᠦ ᠤᠬᠠᠭᠠᠨ ᠰᠣᠶᠣᠯ ᠮᠣᠳᠡᠯᠭᠡ ᠵᠢ ᠬᠦᠯᠢᠶᠠᠨ ᠠᠪᠬᠤ ᠦᠪᠡᠷ ᠤᠨ ᠵᠠᠭᠤᠴᠢᠯᠠᠭᠤᠷ ᠮᠦᠨ᠃ ᠡᠭᠦᠨ ᠳ᠋ᠤ᠂ ᠰᠡᠳᠳᠬᠢᠴᠡ ᠶᠢᠨ ᠡᠷᠡᠭᠦᠯ ᠴᠢᠬᠢᠷᠠᠭ ᠨᠢ ᠤᠶᠤᠲᠠᠳ ᠤᠨ ᠡᠷᠡᠭᠦᠯ ᠴᠢᠬᠢᠷᠠᠭ ᠢᠢᠡᠷ ᠦᠰᠦᠨᠪᠤᠢᠵᠢᠬᠤ ᠬᠢᠭᠡᠳ ᠬᠡᠪ ᠴᠢᠠᠨᠷ ᠤᠨ ᠲᠡᠭᠡᠭᠰᠢᠯᠯᠡᠲᠡ ᠳ᠋ᠤ ᠰᠢᠢᠳᠪᠦᠷᠢᠯᠡᠬᠦ ᠦᠢᠯᠡᠳᠦᠯ ᠦᠵᠡᠭᠦᠯᠳᠡᠭ ᠨᠢ ᠶᠠᠷᠢᠶᠠᠨ ᠦᠭᠡᠢ ᠶᠣᠮ᠃ ᠨᠡᠢᠭᠡᠮ ᠤᠨ ᠣᠨᠴᠠᠭᠠᠢ ᠪᠦᠯᠬᠦᠮ ᠪᠤᠯᠤᠭᠰᠠᠨ ᠤ ᠬᠤᠪᠢ ᠳ᠋ᠤ᠂ ᠤᠶᠤᠲᠠᠳ ᠲᠤ ᠰᠤᠷᠤᠯᠴᠠᠬᠤ ᠰᠢᠨ᠎ᠠ ᠣᠷᠴᠢᠨ ᠬᠢᠭᠡᠳ ᠡᠭᠦᠷᠭᠡ ᠳ᠋ᠤ ᠬᠡᠷᠬᠢᠨ ᠵᠤᠬᠢᠴᠠᠬᠤ᠂ ᠲᠤᠰᠬᠠᠢ ᠮᠡᠷᠭᠡᠵᠢᠯ ᠤᠨ ᠰᠤᠩᠭᠤᠯᠲᠠ ᠬᠢᠭᠡᠳ ᠰᠤᠷᠤᠯᠭ᠎ᠠ ᠳ᠋ᠤ ᠬᠡᠷᠬᠢᠨ ᠵᠤᠬᠢᠴᠠᠬᠤ᠂ ᠬᠦᠰᠡᠯ ᠵᠤᠷᠢᠭ ᠬᠢᠭᠡᠳ ᠪᠤᠳᠠᠳᠤ ᠠᠬᠤᠢ ᠶᠢᠨ ᠵᠦᠷᠢᠴᠡᠯ ᠢ ᠬᠡᠷᠬᠢᠨ ᠲᠤᠰᠦᠬᠡᠯᠡᠬᠦ ᠵᠡᠷᠭᠡ ᠠᠰᠠᠭᠤᠳᠠᠯ ᠤᠳ ᠲᠤᠯᠭᠠᠷᠠᠳᠠᠭ᠃ ᠡᠳᠡᠭᠡᠷ ᠠᠰᠠᠭᠤᠳᠠᠯ ᠤᠳ ᠨᠢ ᠤᠶᠤᠲᠠᠳ ᠲᠤ ᠵᠤᠬᠢᠬᠤ ᠰᠡᠳᠬᠢᠴᠡ ᠶᠢᠨ ᠲᠠᠷᠤᠯᠲᠠ ᠦᠵᠡᠭᠦᠯᠳᠡᠭ ᠪᠤᠯᠬᠤᠷ ᠲᠡᠳᠡᠨ ᠢ ᠰᠡᠳᠬᠢᠴᠡ ᠶᠢᠨ ᠬᠦᠮᠦᠷᠠᠯ ᠪᠤᠶᠤ ᠲᠦᠭᠵᠢᠷᠡᠯ ᠡᠴᠡ ᠵᠠᠢᠯᠠᠭᠤᠯᠵᠤ᠂ ᠰᠡᠳᠬᠢᠴᠡ ᠶᠢᠨ ᠡᠷᠡᠭᠦᠯ ᠴᠢᠬᠢᠷᠠᠭ ᠢ ᠨᠢ ᠪᠠᠲᠤᠯᠠᠨ᠂ ᠬᠡᠪ ᠤᠨ ᠪᠤᠰᠤ ᠪᠦᠭᠡᠳ ᠢᠳᠡᠪᠬᠢ ᠰᠡᠳᠬᠢᠴᠡ ᠪᠡᠷ ᠤᠳᠤᠬᠠᠨ ᠤ ᠨᠡᠢᠭᠡᠮ ᠤᠨ ᠬᠦᠭᠵᠢᠯᠲᠡ ᠳ᠋ᠤ ᠵᠤᠬᠢᠴᠠᠯᠳᠤᠬᠤ ᠶᠢᠨ ᠴᠢᠬᠤᠯᠠ ᠴᠢᠠᠨᠷ ᠢ ᠤᠢᠯᠠᠭᠠᠭᠤᠯᠬᠤ ᠶᠢᠨᠵᠡᠷᠭᠡ ᠪᠡᠷ ᠤᠶᠤᠲᠠᠳ ᠤᠶᠤᠨ ᠮᠡᠳᠡᠷᠡᠯ ᠤᠨ ᠡᠪᠡᠳᠴᠢᠨ ᠬᠢᠭᠡᠳ ᠪᠡᠶ ᠠ ᠰᠡᠳᠬᠢᠴᠡ ᠶᠢᠨ ᠡᠪᠡᠳᠴᠢᠨ ᠲᠤᠰᠬᠤ ᠡᠴᠡ ᠰᠡᠷᠭᠡᠢᠢᠯᠡᠵᠦ᠂ ᠪᠡᠶ ᠠ ᠰᠡᠳᠭᠢᠴᠡ ᠶᠢᠨ ᠡᠷᠡᠭᠦᠯ ᠴᠢᠬᠢᠷᠠᠭ ᠤᠨ ᠬᠦᠮᠦᠵᠢᠯ ᠬᠢᠬᠦ ᠨᠢ ᠪᠢᠳᠡᠨ ᠤ ᠲᠤᠯᠭ᠎ᠠ᠂ ᠡᠭᠦᠷᠭᠡ ᠪᠤᠯᠤᠭᠰᠠᠨ ᠮᠦᠷᠲᠡᠭᠡᠨ ᠨᠡᠢᠭᠡᠮ ᠲᠠᠶᠠᠭᠠᠷ ᠰᠠᠨᠠᠭᠠᠭᠰᠢᠷᠠᠵᠤ ᠪᠠᠢᠭ᠎ᠠ ᠴᠢᠬᠤᠯᠠ ᠠᠰᠠᠭᠤᠳᠠᠯ ᠪᠤᠯᠤᠨ᠎ᠠ᠃ |
原文 |
没有原文
|
出自 |
蒙古学研究
2017年
第2期
|