题名 |
ᠠᠮᠢ ᠠᠬᠤᠢ ᠶᠢᠨ ᠲᠡᠩᠴᠡᠭᠦᠷᠢ ᠳ᠋ᠡᠬᠢ ᠮᠣᠩᠭᠤᠯᠴᠤᠳ ᠤᠨ ᠤᠯᠠᠮᠵᠢᠯᠯᠠᠲᠤ ᠴᠡᠭᠡᠷ ᠶᠤᠰᠤᠨ ᠤ ᠢᠳᠡᠪᠬᠢ ᠦᠢᠯᠡᠳᠦᠯ ᠤᠨ ᠲᠤᠬᠠᠢ ᠦᠭᠦᠯᠡᠬᠦ ᠨᠢ |
作者 |
ᠵᠸᠦ ᠱᠤᠸᠠᠩ ᠰᠢ; ᠮᠢᠩ ᠵᠸ |
关键词 |
ᠠᠮᠢ ᠠᠬᠤᠢ ᠶᠢᠨ ᠲᠡᠩᠴᠠᠭᠦᠷᠢ; ᠤᠯᠠᠮᠵᠢᠠᠯᠲᠤ ᠴᠡᠭᠡᠷ ᠶᠤᠰᠤᠨ; ᠤᠳᠤᠬᠢ ᠦᠢᠯᠡᠳᠦᠯ |
摘要 |
ᠮᠣᠩᠭᠤᠯᠴᠤᠳ ᠤᠨ ᠴᠡᠭᠡᠷ ᠶᠤᠰᠤ ᠤᠵᠠᠭᠷ ᠡᠷᠲᠡᠨ ᠳ᠋ᠤ ᠪᠠᠨ ᠪᠠᠯᠠᠷᠯᠢᠭ ᠰᠢᠲᠦᠯᠭᠡ ᠶᠢᠨ ᠤᠢᠯᠠᠭᠠᠯᠲᠠ ᠲᠠᠢ ᠪᠠᠢᠭᠰᠠᠨ ᠡᠴᠡ ᠪᠠᠨ ᠨᠡᠢᠭᠡᠮ ᠲᠡᠦᠭᠡ ᠶᠢᠨ ᠤᠷᠤᠭᠰᠢᠯᠠᠯᠲᠠ ᠭᠦᠭᠵᠢᠯᠲᠡ ᠡᠴᠡ ᠪᠤᠯᠵᠤ ᠱᠠᠰᠢᠨ ᠤ ᠨᠦᠯᠦᠭᠡ ᠵᠢ ᠬᠦᠨ ᠬᠦᠷᠲᠡᠭᠰᠡᠨ ᠪᠠ ᠵᠠᠷᠢᠮ ᠳ᠋ᠤ ᠪᠠᠨ ᠪᠠᠰᠠ ᠭᠠᠵᠢᠭᠤ ᠪᠤᠷᠤᠭᠤ ᠵᠢ ᠬᠤᠷᠢᠭᠯᠠᠨ ᠬᠢᠵᠠᠭᠠᠷᠯᠠᠬᠤ ᠪᠤᠶᠤ ᠰᠠᠢᠨ ᠰᠠᠢᠬᠠᠨ ᠢ ᠮᠦᠷᠲᠡᠨ ᠲᠠᠭᠠᠬᠤ ᠵᠢ ᠵᠠᠬᠢᠨ ᠰᠤᠷᠭᠠᠳᠠᠭ ᠣᠨᠴᠠᠯᠢᠭ ᠲᠠᠢ ᠡᠴᠡ ᠪᠤᠯᠵᠤ᠂ ᠵᠤᠬᠢᠬᠤ ᠬᠡᠪᠴᠢᠶᠠᠨ ᠳ᠋ᠤ ᠶᠤᠰᠤ ᠵᠠᠨᠰᠢᠯ ᠤᠨ ᠲᠦᠷᠢᠮᠵᠢᠯ ᠬᠠᠤᠯᠢᠵᠢᠯ ᠢ ᠪᠤᠢ ᠪᠤᠯᠭᠠᠵᠤ᠂ ᠨᠡᠢᠭᠡᠮᠴᠢᠯᠡᠯ ᠤᠨ ᠭᠦᠭᠵᠢᠯᠲᠡ ᠵᠢ ᠠᠬᠢᠭᠤᠯᠳᠠᠭ᠃ ᠲᠤᠰ ᠦᠭᠦᠯᠡᠯ ᠳ᠋ᠤ ᠮᠣᠩᠭᠤᠯᠴᠤᠳ ᠤᠨ ᠡᠭᠡ ᠪᠠᠢᠭᠠᠯᠢ ᠳ᠋ᠤ ᠬᠤᠯᠪᠤᠭᠳᠠᠭᠰᠠᠨ ᠤᠯᠠᠮᠵᠢᠠᠯᠯᠲᠤ ᠴᠡᠭᠡᠷ ᠶᠤᠰᠤᠨ ᠡᠴᠡ ᠲᠡᠳᠡᠨ ᠤ ᠪᠠᠢᠭᠠᠯᠢ ᠤᠷᠴᠢᠨ ᠠᠬᠤᠢ ᠶᠢᠨ ᠲᠤᠬᠠᠢ ᠤᠬᠠᠮᠰᠠᠷᠠᠵᠤ ᠪᠠᠢᠭᠰᠠᠨ ᠢ ᠲᠡᠯᠭᠡᠨ ᠦᠵᠡᠬᠦᠯᠵᠦ᠂ ᠦᠨᠦᠳᠦᠷ ᠤᠨ ᠬᠦᠮᠦᠰ ᠤᠨ ᠡᠮᠦᠨ᠎ᠠ ᠲᠡᠯᠪᠢᠭᠳᠠᠵᠤ ᠪᠠᠢᠭ᠎ᠠ ᠠᠮᠢ ᠠᠬᠤᠢ ᠶᠢᠨ ᠬᠠᠮᠠᠭᠠᠯᠠᠯᠲᠠ ᠶᠢᠨ ᠦᠢᠯᠡᠰ ᠲᠤᠬᠢ ᠨᠦᠯᠦᠭᠡ ᠲᠤᠰᠬᠠᠯ ᠢ ᠲᠦᠬᠦᠮ ᠰᠢᠨᠵᠢᠯᠡᠬᠦ ᠵᠢ ᠵᠤᠷᠢᠯ ᠠ. |
原文 |
查看原文
|
出自 |
赤峰学院学报(蒙文哲学社会科学版)
2019年
第1期
|