题名 |
ᠮᠣᠩᠭᠤᠯ ᠬᠤᠪᠴᠠᠰᠤ ᠵᠠᠰᠠᠯ ᠤᠨ ᠵᠠᠩ ᠦᠢᠯᠡ ᠶᠢᠨ ᠢᠷᠦᠭᠡᠯ ᠤᠨ ᠰᠣᠶᠣᠯ ᠲᠠᠢᠯᠤᠨ |
作者 |
ᠢᠤᠢ ᠷᠦᠩ |
关键词 |
ᠬᠤᠪᠴᠠᠰᠤ ᠵᠠᠰᠠᠯ; ᠵᠠᠩ ᠦᠢᠯᠠ; ᠢᠷᠦᠭᠡᠯ ᠤᠨ ᠰᠣᠶᠣᠯ |
摘要 |
ᠮᠣᠩᠭᠤᠯ ᠠᠷᠠᠳ ᠤᠨ ᠤᠯᠠᠮᠵᠢᠯᠠᠯᠲᠤ ᠶᠤᠰᠤᠨ ᠳ᠋ᠤ ᠬᠤᠪᠴᠠᠰᠤ ᠵᠠᠰᠠᠯ ᠲᠠᠢ ᠬᠤᠯᠪᠤᠭᠳᠠᠭᠰᠠᠨ ᠢᠷᠦᠭᠡᠯ ᠮᠠᠰᠢ ᠤᠯᠠᠨ ᠪᠠᠢᠳᠠᠭ᠃ ᠮᠣᠩᠭᠤᠯᠴᠤᠳ ᠰᠢᠨ᠎ᠠ ᠬᠤᠪᠴᠠᠰᠤ ᠬᠤᠨᠠᠷ ᠤᠶᠤᠵᠦ ᠡᠰᠡᠭᠡᠬᠦ᠂ ᠤᠷᠠᠯᠠᠵᠤ ᠬᠠᠳᠬᠤᠬᠤ᠂ ᠡᠮᠦᠰᠴᠦ ᠡᠳ᠋ᠯᠡᠬᠦ ᠪᠠ ᠬᠤᠷᠢᠮ ᠨᠠᠢᠷ ᠤᠨ ᠪᠡᠯᠡᠭ ᠪᠠᠢᠬᠤ ᠵᠡᠷᠭᠡ ᠵᠠᠩ ᠦᠢᠯᠡ ᠶᠢᠨ ᠶᠤᠰᠤᠯᠠᠯ ᠳ᠋ᠤ ᠪᠦᠷ ᠢᠷᠦᠭᠡᠨ ᠮᠢᠯᠢᠶᠠᠵᠤ ᠪᠡᠯᠭᠡᠳᠡᠨ ᠵᠦᠩᠨᠡᠳᠡᠭ ᠵᠠᠩᠰᠢᠯ ᠲᠠᠢ᠃ ᠡᠨᠡ ᠬᠦ ᠢᠷᠦᠭᠡᠬᠦ ᠶᠣᠰᠤ ᠵᠠᠩᠰᠢᠯ ᠳ᠋ᠤ ᠮᠤᠩᠭᠤᠯᠴᠤᠳ ᠤᠨ ᠤᠯᠠᠮᠵᠢᠯᠠᠯᠲᠤ ᠰᠣᠶᠣᠯ ᠤᠨ ᠡᠯᠸᠮᠸᠨᠲ ᠭᠦᠨ ᠠᠭᠤᠯᠤᠭᠳᠠᠬᠤᠨ ᠬᠠᠳᠠᠭᠠᠯᠠᠭᠳᠠᠵᠤ ᠪᠠᠢᠳᠠᠭ᠃ ᠲᠤᠰ ᠦᠭᠦᠯᠡᠯ ᠳ᠋ᠤ ᠮᠣᠩᠭᠤᠯᠴᠤᠳ ᠤᠨ ᠦᠢᠯᠠ ᠤᠶᠤᠳᠠᠯ ᠡᠭᠦᠰᠭᠡᠬᠦ ᠡᠳᠦᠷ ᠴᠠᠭ ᠢ ᠰᠤᠩᠭᠤᠬᠤ᠂ ᠦᠢᠯ ᠡᠶᠠᠪᠤᠳᠠᠯ ᠤᠨ ᠶᠠᠪᠤᠴᠠ᠂ ᠰᠢᠨ᠎ᠠ ᠤᠶᠤᠭᠰᠠᠨ ᠲᠡᠪᠡᠯ ᠬᠤᠪᠴᠠᠰᠤ ᠵᠢ ᠮᠢᠯᠢᠶᠠᠬᠤ ᠪᠠ ᠪᠡᠯᠡᠭ ᠪᠠᠷᠢᠬᠤ ᠶᠤᠰᠤᠨ ᠵᠡᠷᠭᠡ ᠲᠠᠯ ᠠ ᠳ᠋ᠤ ᠬᠤᠯᠪᠤᠭᠳᠠᠭᠰᠠᠨ ᠢᠷᠦᠭᠡᠯ ᠤᠨ ᠰᠣᠶᠣᠯ ᠤᠨ ᠲᠤᠬᠠᠢ ᠲᠠᠢᠯᠤᠮᠵᠢ ᠬᠢᠬᠦ ᠵᠢ ᠬᠢᠴᠢᠶᠡᠭᠰᠡᠨ ᠪᠠᠢᠨ᠎ᠠ᠃ |
原文 |
查看原文
|
出自 |
赤峰学院学报(蒙文哲学社会科学版)
2019年
第1期
|