摘要 |
ᠲᠤᠮᠳᠠᠳᠤ ᠤᠯᠤᠰ ᠲᠤ ᠠᠯᠳᠠᠢ ᠢᠵᠠᠭᠤᠷ ᠬᠡᠯᠡ ᠲᠠᠢ ᠤᠯᠠᠨ ᠦᠨᠳᠦᠰᠦᠲᠡᠨ ᠤᠷᠤᠰᠢᠵᠤ ᠪᠠᠢᠳᠠᠭ᠃ ᠲᠡᠦᠬᠡ ᠶᠢᠨ ᠲᠡᠮᠳᠡᠭᠯᠡᠯ ᠡᠴᠡ ᠦᠵᠡᠬᠦ ᠳ᠋ᠤ ᠨᠡᠢᠲᠡ ᠶᠢᠨ ᠲᠣᠭᠠᠯᠠᠯ ᠤᠨ ᠡᠮᠦᠨᠡᠬᠢ ᠦᠶ ᠡ ᠡᠴᠡ ᠡᠬᠢᠯᠡᠨ ᠣᠳᠤ ᠶᠢᠨ ᠲᠤᠮᠳᠠᠳᠤ ᠤᠯᠤᠰ ᠤᠨ ᠤᠮᠠᠷᠠᠲᠤ ᠪᠡᠶ ᠡ ᠡᠴᠡ ᠰᠢᠪᠡᠷᠢ ᠬᠦᠷᠳᠡᠯᠡᠬᠢ ᠦᠷᠭᠡᠨ ᠠᠭᠤᠳᠠᠮ ᠨᠤᠲᠤᠭ ᠲᠡᠪᠢᠰᠭᠡᠷ ᠲᠡᠭᠡᠷ ᠡ ᠬᠦᠨ᠂ ᠰᠢᠶᠠᠨ ᠪᠢ᠂ ᠲᠠᠪᠠᠭᠠᠴᠢ᠂ᠷᠦᠷᠠᠨ᠂ᠲᠦᠷᠦᠭ᠂ ᠤᠢᠭᠤᠷ᠂ ᠺᠢᠲᠠᠨ᠂ᠵᠦᠷᠴᠢᠨ ᠪᠠ ᠮᠣᠩᠭᠤᠯ ᠵᠡᠷᠭᠡ ᠦᠨᠳᠦᠰᠦᠲᠡᠨ ᠨᠦᠭᠦᠳ ᠬᠢᠭᠡᠳ ᠲᠡᠳᠡᠭᠡᠷ ᠤᠨ ᠪᠠᠢᠭᠤᠯᠤᠭᠰᠠᠨ ᠤᠯᠤᠰ ᠬᠤᠢᠨ᠎ᠠ ᠬᠤᠢᠨ᠎ᠠ ᠡᠴᠡ ᠪᠠᠨ ᠢᠯᠡᠷᠡᠨ ᠭᠠᠷᠴᠦ ᠪᠠᠢᠭᠰᠠᠨ ᠪᠢᠯᠡ᠃ ᠡᠳᠦᠭᠡ ᠲᠤᠮᠳᠠᠳᠤ ᠤᠯᠤᠰ ᠲᠦ ᠠᠯᠳᠠᠢ ᠢᠵᠠᠭᠤᠷ ᠬᠡᠯᠡ ᠲᠠᠢ ᠦᠨᠳᠦᠰᠦᠲᠡᠨ ᠠᠷᠪᠠᠨ ᠲᠤᠯᠤᠭ᠎ᠠ ᠪᠤᠢ᠃ ᠲᠡᠳᠡᠭᠡᠷ ᠤᠨ ᠲᠤᠳᠤᠷ ᠠ ᠲᠦᠷᠦᠭ ᠲᠦᠷᠦᠯ ᠤᠨᠬᠡᠯᠡᠲᠡᠨ ᠪᠤᠯᠬᠤ ᠤᠢᠭᠤᠷ᠂ ᠺᠠᠽᠠᠭ᠂ᠦᠽᠪᠸᠺ᠂ ᠺᠢᠷᠬᠢᠰ᠂ ᠲᠠᠲ᠋ᠠᠷ᠂ᠰᠢᠷ ᠠ ᠶᠣᠭᠤᠷ ᠪᠠ ᠢᠤᠢ ᠬᠦ᠋ ᠮᠣᠩᠭᠤᠯ ᠲᠦᠷᠦᠯ ᠬᠡᠯᠡᠲᠡᠨ ᠬᠡᠪᠡᠯ ᠮᠠᠨᠵᠤ᠂ ᠰᠢᠪᠡᠭᠡ᠂ ᠡᠸᠩᠬᠢ᠂ ᠣᠷᠴᠤᠨ ᠪᠠ ᠡᠾᠸ ᠵᠸ(ᠵᠦᠪᠯᠡᠯᠲᠦ ᠳ᠋ᠤ ᠪᠠᠢᠭ᠎ᠠ ᠡᠨᠡ ᠦᠨᠳᠦᠰᠦᠲᠡᠨ ᠢ ᠨᠠᠨᠸᠼ ᠭᠡᠳᠡᠭ)ᠪᠠᠭᠳᠠᠨ᠎ᠠ᠃ |