摘要 |
《ᠵᠠᠮ》ᠪᠣᠯ ᠮᠠᠨ ᠤ ᠤᠷᠤᠨ ᠤᠠᠯᠳᠠᠷᠲᠤ ᠵᠣᠬᠢᠶᠠᠯᠴᠢ ᠭᠣᠡᠷᠡᠯᠴᠦᠭᠲᠤ ᠭᠤᠸᠠᠢ ᠶᠢᠨ ᠲᠤᠭᠤᠵᠢᠰ ᠤᠨ ᠵᠣᠬᠢᠶᠠᠨ ᠪᠦᠳᠦᠭᠡᠯᠭᠡ ᠶᠢᠨ ᠵᠠᠮ ᠢ ᠡᠬᠢᠯᠡᠨ ᠡᠷᠢᠯᠬᠢᠯᠡᠭᠰᠡᠨ ᠬᠠᠮᠤᠭ ᠠᠩᠬᠠᠨ ᠤ ᠤᠯᠠ ᠮᠦᠷ ᠮᠦᠨ ᠪᠦᠭᠡᠳ《ᠮᠠᠨ ᠤ ᠤᠯᠤᠰ ᠤᠨ ᠮᠣᠩᠭᠤᠯ ᠰᠢᠨ ᠡ ᠤᠷᠠᠨ ᠵᠣᠬᠢᠶᠠᠯ ᠤᠨ ᠤᠤᠭᠠᠨ ᠲᠤᠭᠤᠵᠢ》ᠮᠦᠨ᠃ ᠤᠳᠤᠬᠠᠨ ᠳ᠋ᠤ ᠠᠪᠴᠦ ᠦᠡᠵᠪᠡᠯ᠂ 《ᠵᠠᠮ》 ᠪᠣᠯ ᠬᠡᠷᠡᠯᠴᠤᠭᠲᠤ ᠭᠤᠸᠠᠢ ᠶᠢᠨ ᠪᠦᠬᠦ ᠲᠤᠭᠤᠵᠢᠰ ᠤᠨ ᠵᠣᠬᠢᠶᠠᠨ ᠪᠦᠲᠦᠭᠡᠯᠭᠡ ᠳ᠋ᠡᠬᠢ ᠦᠷ ᠡ ᠶᠢᠨ ᠭᠠᠭᠴᠠ ᠲᠤᠮᠤᠬᠠᠨ ᠬᠡᠯᠪᠡᠷᠢ ᠶᠢᠨ ᠲᠤᠭᠤᠵᠢᠰ ᠪᠠᠢᠨ᠎ᠠ᠃ ᠡᠢᠮᠦ ᠡᠴᠡ ᠂ ᠲᠡᠭᠦᠨ ᠤ ᠡᠯ ᠠ ᠵᠦᠢᠯ ᠤᠨ ᠤᠷᠠᠯᠢᠭ ᠰᠢᠨᠵᠢ᠂ᠢᠯᠠᠩᠭᠤᠢ ᠠ ᠵᠣᠬᠢᠶᠠᠮᠵᠢ ᠤᠷᠠᠯᠢᠭ ᠤ ᠲᠤᠤᠱᠲᠠᠢ ᠨᠠᠷᠢᠪᠴᠢᠯᠠᠨ ᠰᠢᠨᠵᠢᠯᠡᠬᠦ ᠨᠢ ᠬᠡᠷᠡᠯᠴᠣᠭᠲᠤ ᠭᠤᠸᠠᠢ ᠶᠢᠨ ᠪᠦᠬᠦ ᠲᠤᠭᠤᠵᠢᠰ ᠤᠨ ᠤᠯᠠᠷᠢᠵᠤ ᠭᠦᠭᠵᠢᠭᠰᠡᠨ ᠬᠦᠭᠵᠢᠯ ᠤᠨ ᠶᠠᠪᠤᠴᠠ ᠵᠢ ᠤᠢᠯᠠᠭᠠᠵᠤ ᠰᠢᠨᠵᠢᠯᠡᠬᠦ ᠳ᠋ᠤ ᠮᠦᠨ ᠬᠦ ᠦᠪᠡᠷ ᠤᠨ ᠲᠡᠦᠬᠡᠨ ᠠᠴᠢ ᠬᠤᠯᠪᠤᠭᠳᠠᠯ ᠲᠠᠢ ᠪᠠᠢᠭ᠎ᠠ ᠶᠣᠮ᠃ |