摘要 |
ᠦᠰᠦᠭ ᠦᠨ ᠳᠦᠷᠰᠦ ᠶᠢᠨ ᠪᠦᠲᠦᠴᠡ ᠶᠢᠨ ᠰᠤᠳᠤᠯᠤᠯ ᠳᠤ ᠨᠢᠭᠡᠨ ᠵᠤᠢᠯ ᠤᠨ ᠮᠠᠰᠢ ᠨᠠᠷᠢᠨ ᠰᠢᠨᠵᠢᠯᠡᠭᠡᠨ ᠦ ᠠᠰᠠᠭ᠋ᠤᠳᠠᠯ ᠪᠤᠯᠤᠨ᠎ᠠ᠃ ᠡᠨᠡ ᠲᠤᠬᠠᠢ ᠵᠤᠬᠢᠶᠠᠭᠴᠢ ᠭᠤᠸᠠᠢ 《ᠮᠣᠩᠭᠤᠯ ᠬᠡᠯᠡ ᠤᠳᠬ᠎ᠠ ᠵᠤᠬᠢᠶᠠᠯ》 ᠰᠡᠳᠭᠦᠯ ᠦᠨ 1992 ᠣᠨ ᠤ 2᠋ ᠳᠤᠭ᠋ᠠᠷ ᠬᠤᠭ᠋ᠤᠴᠠᠭᠠ ᠳᠡᠭᠡᠷ᠎ᠡ 《ᠮᠣᠩᠭᠤᠯ ᠦᠰᠦᠭ ᠦᠨ ᠳᠦᠷᠰᠦ ᠶᠢᠨ ᠪᠦᠲᠦᠴᠡ ᠶᠢᠨ ᠲᠤᠬᠠᠢ ᠲᠤᠷᠰᠢᠨ ᠦᠭᠦᠯᠡᠬᠦ ᠨᠢ》 ᠭᠡᠬᠦ ᠦᠭᠦᠯᠡᠯ ᠶᠢᠨ ᠨᠡᠢᠲᠡᠯᠡᠵᠦ ᠪᠢᠯᠡ᠃ ᠦᠨ᠋ᠦ ᠤᠯᠠᠮ ᠴᠢᠨ᠋ᠠᠭᠰᠢᠲᠠ ᠭᠦᠨᠵᠡᠭᠡᠢᠷᠡᠭᠦᠯᠦᠨ ᠰᠤᠳᠤᠯᠬᠤ ᠶᠢ ᠪᠤᠳᠤᠵᠤ᠂ ᠡᠨ᠋ᠡᠬᠦ ᠦᠭᠦᠯᠡᠯ ᠦᠨ ᠪᠢᠴᠢᠭᠡᠳ ᠮᠣᠩᠭᠤᠯ ᠬᠢᠲᠠᠳ ᠯᠠᠲ᠋ᠢᠨ ᠭᠤᠷᠪᠠᠨ ᠵᠤᠢᠯ ᠤᠨ ᠦᠰᠦᠭ ᠦᠨ ᠳᠦᠷᠰᠦ ᠶᠢᠨ ᠪᠦᠲᠦᠴᠡ ᠶᠢ ᠬᠠᠷᠢᠴᠠᠭ᠋ᠤᠯᠤᠨ᠂ ᠭᠤᠤᠯᠳᠠᠭ᠋ᠤ ᠪᠦᠲᠦᠴᠡ ᠶᠢᠨ ᠬᠡᠯᠪᠡᠷᠢ᠂ ᠪᠦᠲᠦᠴᠡ ᠶᠢᠨ ᠪᠦᠷᠢᠯᠳᠦᠭᠦᠨ᠂ ᠪᠦᠲᠦᠴᠡ ᠶᠢᠨ ᠬᠠᠷᠢᠴᠠᠭ᠎ᠠ᠂ ᠪᠦᠲᠦᠴᠡ ᠶᠢᠨ ᠵᠢᠷᠦᠮ᠂ ᠪᠦᠲᠦᠴᠡ ᠶᠢᠨ ᠭᠤᠤ᠎ᠠ ᠰᠠᠢᠬᠠᠨ ᠵᠡᠷᠭᠡ ᠲᠠᠪᠤᠨ ᠲᠠᠯ᠎ᠠ ᠪᠠᠷ ᠰᠤᠨ᠋ᠷᠬᠠᠯ ᠲᠠᠢ ᠰᠠᠢᠬᠠᠨ ᠦᠭᠦᠯᠡᠵᠡᠢ᠃ |