摘要 |
ᠳᠤᠰ ᠦᠭᠦᠯᠡᠯ ᠳᠤ ᠫᠷᠦᠹᠸᠰᠰᠦᠷ ᠭᠡ᠌᠍᠂ ᠪᠤᠶᠠᠨᠪᠠᠲᠤ ᠶᠢᠨ 《ᠡᠷᠢᠶᠠᠨ ᠭᠤᠤ ᠠ》ᠭᠡᠬᠦ ᠪᠦᠳᠦᠭᠡᠯ ᠢ ᠰᠢᠨᠵᠢᠯᠡᠨ ᠂ 《ᠡᠷᠢᠶᠠᠨ ᠭᠤᠤ ᠠ》ᠪᠤᠯ ᠮᠣᠩᠭᠣᠯ ᠤᠷᠠᠨ ᠵᠤᠬᠢᠶᠠᠯ ᠰᠤᠶᠤᠯ ᠰᠤᠳᠤᠯᠭᠠᠨ ᠬᠢᠭ᠍ᠰᠡᠨ ᠠᠮᠵᠢᠯᠲᠠ ᠲᠠᠢ ᠵᠤᠬᠢᠶᠠᠯ ᠪᠤᠯᠵᠠᠢ ᠭᠡᠳᠡᠭ ᠦᠵᠡᠯᠲᠠ ᠶᠢ ᠳᠡᠪᠰᠢᠭᠦᠯᠪᠡ᠃ ᠦᠭᠦᠯᠡᠯ ᠭᠤᠷᠪᠠᠨ ᠲᠠᠯ ᠠ ᠪᠠᠷ ᠲᠤᠰ ᠪᠦᠳᠦᠭᠡᠯ ᠤᠨ ᠰᠤᠶᠤᠯ ᠰᠤᠳᠤᠯᠤᠯ ᠤᠨ ᠠᠮᠵᠢᠯᠲᠠ ᠲᠠᠢ ᠵᠢᠱᠢᠶ ᠡ ᠪᠤᠯᠬᠤ ᠶᠢ ᠪᠠᠳᠤᠯᠠᠪᠠ᠃ ᠲᠤᠬᠠᠢ᠌ᠯᠠᠪᠠᠯ᠂ ᠨᠢᠭᠡ ᠳᠤ ᠂ ᠤᠷᠠᠨ ᠵᠤᠬᠢᠶᠠᠯ ᠤᠨ ᠰᠤᠶᠤᠯ ᠤᠨ ᠤᠨᠴᠠᠭᠠᠢ ᠳᠡᠮᠳᠡᠭ ᠪᠤᠯᠤᠨ᠎ᠠ ᠃ ᠬᠤᠶᠠᠷ ᠲᠤ ᠂ ᠱᠠᠰᠢᠨ ᠰᠤᠷᠳᠠᠬᠤᠨ ᠪᠤᠯ ᠰᠤᠶᠤᠯ ᠳᠤ ᠪᠠᠭᠳᠠᠨ᠂ ᠳᠠᠪᠬᠤᠷᠭ᠎ᠠ ᠪᠠᠢ᠌ᠵᠤ᠂ ᠨᠡᠢ᠌ᠭᠡᠮ ᠤᠨ ᠠᠮᠢᠳᠤᠷᠠᠯ ᠤᠨ ᠨᠢᠭᠡ ᠬᠡᠯᠪᠡᠷᠢ ᠮᠦᠨ᠃ ᠭᠤᠷᠪᠠ ᠳᠤ ᠂ ᠦᠨᠳᠦᠰᠦᠳᠡᠨ ᠦ ᠰᠤᠶᠤᠯ ᠨᠢ ᠥᠪᠡᠷ ᠤᠨ ᠰᠤᠶᠤᠯ ᠤᠨ ᠬᠡᠯᠪᠡᠷᠢ ᠪᠠ ᠰᠤᠶᠤᠯ ᠤᠨ ᠳᠡᠮᠳᠡᠭ ᠢ ᠡᠭᠦᠳᠦᠨ ᠪᠦᠳᠦᠭᠡᠵᠦ ᠪᠠᠢ᠌ᠳᠠᠭ ᠵᠡᠷᠭᠡ ᠭᠤᠤᠯ ᠦᠵᠡᠯᠲᠠ ᠨᠤᠭᠦᠳ ᠢ ᠳᠡᠪᠰᠢᠭᠦᠯᠵᠡᠢ᠃ |