论文信息


题名 ᠮᠣᠩ᠋ᠭᠤᠯ ᠬᠡᠯᠡᠨ ᠦ ᠦᠭᠦᠯᠡᠪᠦᠷᠢ ᠵᠦᠢ ᠶᠢᠨ ᠬᠤᠯᠪᠤᠭ᠎ᠠ ᠶᠢᠨ ᠲᠤᠬᠠᠢ
作者 ᠭᠠᠯᠰᠠᠩ
关键词 ᠦᠭᠡ ᠬᠤᠯᠪᠤᠬᠤ ᠶᠤᠰᠤ; ᠦᠭᠦᠯᠡᠪᠦᠷᠢ ᠶᠢᠨ ᠬᠤᠯᠪᠤᠭ᠎ᠠ; ᠦᠭᠦᠯᠡᠪᠦᠷᠢ ᠵᠦᠢ ᠶᠢᠨ ᠬᠤᠯᠪᠤᠭᠠᠨ ᠤ ᠬᠠᠷᠢᠴᠠᠭ᠎ᠠ
摘要 ᠦᠭᠦᠯᠡᠯ ᠳᠦ ᠤᠯᠠᠮᠵᠢᠯᠠᠯᠲᠤ ᠬᠡᠯᠡ ᠵᠦᠢ ᠶᠢᠨ 《ᠦᠭᠡ ᠬᠤᠯᠪᠤᠬᠤ ᠶᠤᠰᠤ》ᠭᠡᠳᠡᠭ ᠢ 《ᠦᠭᠦᠯᠡᠪᠦᠷᠢ ᠵᠦᠢ ᠶᠢᠨ ᠬᠤᠯᠪᠤᠭ᠎ᠠ》ᠭᠡᠵᠦ ᠨᠡᠷᠡᠢ᠌ᠳᠦᠭᠡᠳ᠂ ᠮᠣᠩ᠋ᠭᠤᠯ ᠬᠡᠯᠡᠨ ᠦ ᠦᠭᠦᠯᠡᠪᠦᠷᠢ ᠵᠦᠢ ᠶᠢᠨ ᠬᠤᠯᠪᠤᠭ᠎ᠠ ᠶᠢᠨ ᠲᠤᠭᠲᠠᠯᠴᠠᠭ᠎ᠠ ᠶᠢ 《ᠦᠭᠡ ᠬᠤᠯᠪᠤᠬᠤ ᠶᠤᠰᠤ》᠂ 《ᠦᠭᠦᠯᠡᠪᠦᠷᠢ ᠬᠤᠯᠪᠤᠬᠤ ᠶᠤᠰᠤ》ᠭᠡᠵᠦ ᠬᠤᠶᠠᠷ ᠠᠩᠭᠢᠯᠠᠭᠠᠳ᠂ ᠲᠡᠭᠦᠨ ᠢ ᠬᠤᠯᠪᠤᠬᠤ ᠳᠠᠭᠠᠨ ᠵᠡᠷᠭᠡᠴᠡᠭᠦᠯᠦᠨ ᠬᠤᠯᠪᠤᠬᠤ ᠪᠠ ᠵᠠᠬᠢᠷᠤᠭᠤᠯᠤᠨ ᠬᠤᠯᠪᠤᠬᠤ ᠬᠤᠶᠠᠷ ᠶᠡᠬᠡ ᠠᠷᠭ᠎ᠠ ᠪᠠᠢ᠌ᠨ᠎ᠠ ᠭᠡᠵᠦ ᠦᠵᠡᠭᠡᠳ᠂ ᠤᠯᠠᠮᠵᠢᠯᠠᠯᠲᠤ ᠬᠡᠯᠡ ᠵᠦᠢ ᠶᠢᠨ ᠰᠢᠭ᠌ 《ᠦᠭᠡ ᠬᠤᠯᠪᠤᠬᠤ ᠶᠤᠰᠤ》ᠭᠡᠳᠡᠭ ᠢ ᠵᠦᠪᠬᠡᠨ ᠬᠤᠯᠪᠤᠭ᠎ᠠ ᠦᠭᠡ ᠳᠦ ᠠᠪᠴᠤ ᠦᠵᠡᠭᠰᠡᠨ ᠪᠢᠰᠢ᠂ ᠬᠠᠷᠢᠨ ᠪᠦᠬᠦᠢ᠌ᠯᠡ ᠦᠭᠦᠯᠡᠪᠦᠷᠢ ᠳᠦ ᠠᠪᠴᠤ ᠰᠢᠨᠵᠢᠯᠡᠵᠡᠢ᠃ ᠭᠡᠬᠦ ᠳᠡᠭᠡᠨ ᠮᠣᠩ᠋ᠭᠤᠯ ᠬᠡᠯᠡᠨ ᠦ ᠦᠭᠦᠯᠡᠪᠦᠷᠢ ᠵᠦᠢ ᠶᠢᠨ ᠬᠤᠯᠪᠤᠭᠠᠨ ᠤ ᠬᠠᠷᠢᠴᠠᠭ᠎ᠠ ᠶᠢ ᠵᠡᠷᠭᠡᠴᠡᠭᠰᠡᠨ ᠬᠠᠷᠢᠴᠠᠭ᠎ᠠ ᠪᠠ ᠵᠠᠬᠢᠷᠤᠭᠰᠠᠨ ᠬᠠᠷᠢᠴᠠᠭ᠎ᠠ ᠭᠡᠬᠦ ᠬᠤᠶᠠᠷ ᠬᠡᠰᠡᠭ ᠲᠦ ᠬᠤᠪᠢᠶᠠᠵᠤ᠂ ᠲᠡᠭᠦᠨ ᠦ ᠲᠤᠭᠲᠠᠯᠴᠠᠭ᠎ᠠ ᠶᠢ ᠢᠯᠡᠷᠡᠭᠦᠯᠵᠡᠢ᠃
原文 查看原文
出自 内蒙古民族大学学报(社会科学) 2005年 第2期

联系我们


内蒙古大学图书馆
呼和浩特市大学西路235号
中国·内蒙古
P: (0471) 4992561
E: huangfeilong@imu.edu.cn