摘要 |
ᠲᠤᠰ ᠦᠭᠦᠯᠡᠯ ᠳ᠋ᠤ ᠵᠣᠬᠢᠶᠠᠭᠴᠢ ᠡᠴᠡ ᠲᠡᠦᠬᠡ ᠶᠢᠨ ᠪᠣᠳᠠᠰᠴᠢ ᠦᠵᠡᠯ ᠡᠴᠡ ᠡᠭᠦᠰᠴᠦ᠂ ᠴᠢᠩ ᠤᠯᠤᠰ ᠤᠨ ᠦᠶ ᠡ ᠶᠢᠨ ᠲᠠᠭᠤᠷᠴᠤᠳ ᠤᠨ ᠰᠤᠷᠭᠠᠭᠤᠯᠢ ᠶᠢᠨ ᠰᠤᠷᠭᠠᠨ ᠬᠦᠮᠦᠵᠢᠯ ᠤᠨ ᠬᠦᠭᠵᠢᠯᠲᠡ ᠶᠢᠨ ᠨᠡᠢᠭᠡᠮ ᠤᠨ ᠲᠡᠦᠬᠡᠨ ᠰᠢᠯᠲᠠᠭᠠᠨ ᠢ ᠵᠠᠳᠠᠯᠪᠠ᠃ ᠡᠭᠦᠨ ᠳ᠋ᠤ ᠲᠠᠭᠤᠷᠴᠤᠳ ᠤᠨ ᠲᠡᠦᠬᠡᠨ ᠲᠡᠭᠡᠷᠡᠬᠢ ᠬᠠᠮᠤᠭ ᠠᠩᠬᠠᠨ ᠤ ᠠᠯᠪᠠᠨ ᠰᠤᠷᠭᠠᠭᠤᠯᠢ ᠶᠢᠨ ᠪᠠᠢᠭᠤᠯᠤᠭᠳᠠᠭᠰᠠᠨ ᠡᠴᠡ ᠰᠡᠳᠦᠪᠯᠡᠵᠦ᠂ᠴᠢᠩ ᠤᠯᠤᠰ ᠡᠴᠡ ᠵᠡᠬᠦᠨ ᠬᠤᠢᠲᠤ ᠣᠷᠤᠨ ᠤ ᠴᠦᠬᠡᠨ ᠲᠣᠭᠠᠲᠤ ᠦᠨᠳᠦᠰᠦᠲᠡᠨ ᠤ ᠭᠠᠵᠠᠷ ᠣᠷᠤᠨ ᠳ᠋ᠤ ᠶᠠᠪᠤᠭᠤᠯᠤᠭᠰᠠᠨ ᠰᠣᠶᠣᠯ ᠰᠤᠷᠭᠰᠨ ᠬᠦᠮᠦᠵᠢᠯ ᠤᠨ ᠲᠦᠷᠦ ᠶᠢᠨ ᠪᠣᠳᠤᠯᠭ᠎ᠠ᠂ᠨᠠᠢᠮᠠᠨ ᠬᠤᠰᠢᠭᠤᠨ ᠤ ᠲᠦᠷᠢᠮ ᠢ ᠬᠡᠷᠡᠭᠵᠢᠬᠦᠯᠵᠦ᠂ᠨᠠᠢᠮᠠᠨ ᠬᠤᠰᠢᠭᠤᠨ ᠤ ᠰᠤᠷᠭᠰᠠᠭᠤᠯᠢ ᠵᠢ ᠪᠠᠢᠭᠤᠯᠵᠤ᠂ ᠰᠣᠶᠣᠯ ᠰᠤᠷᠭᠰᠭᠤᠯᠢ ᠶᠢᠨ ᠲᠠᠯ ᠠ ᠪᠡᠷ ᠰᠤᠯᠤᠨ ᠠᠢᠮᠠᠭ ᠢ ᠡᠷᠭᠡᠰᠢᠶᠡᠯᠡᠭᠰᠡᠨ᠂ ᠲᠠᠭᠤᠷᠴᠤᠳ ᠤᠨ ᠲᠡᠦᠬᠡᠨ ᠲᠡᠭᠡᠷᠡᠬᠢ ᠡᠮᠦᠨᠡᠰᠢ ᠨᠡᠭᠦᠳᠡᠯᠯᠡᠭᠰᠡᠨ ᠪᠠ ᠲᠡᠳᠡᠨ ᠤ ᠦᠢᠯᠡᠳᠪᠦᠷᠢᠯᠡᠯ ᠤᠨ ᠠᠷᠭ᠎ᠠ ᠬᠡᠯᠪᠡᠷᠢ ᠵᠡᠷᠭᠡ ᠬᠡᠳᠦᠨ ᠲᠠᠯ ᠠ ᠪᠡᠷ ᠲᠠᠭᠤᠷᠴᠤᠳ ᠤᠨ ᠰᠤᠷᠭᠠᠭᠤᠯᠢ ᠶᠢᠨ ᠰᠤᠷᠭᠠᠨ ᠬᠦᠮᠦᠵᠢᠯ ᠤᠨ ᠭᠦᠭᠵᠢᠯᠲᠡ ᠳ᠋ᠤ ᠦᠵᠡᠭᠦᠯᠦᠭᠰᠡᠨ ᠦᠢᠯᠡᠳᠦᠯ ᠨᠢᠯᠦᠭᠡ ᠵᠢ ᠬᠦᠨ ᠭᠦᠨᠵᠡᠬᠡᠢ ᠵᠠᠳᠠᠯᠤᠨ ᠦᠭᠦᠯᠡᠵᠡᠢ᠃ |