摘要 |
ᠡᠬᠡ ᠤᠯᠤᠰ ᠤᠨ ᠢᠶᠠᠨ ᠣᠳᠣᠴᠢᠯᠠᠯᠲᠠ ᠶᠢ ᠦᠳᠳᠦᠷ ᠲᠦᠷᠭᠡᠨ ᠪᠡᠶᠡᠯᠡᠭᠦᠯᠬᠦ ᠶᠢᠨ ᠲᠦᠯᠦᠭᠡ ᠰᠢᠨᠵᠢᠯᠡᠬᠦ ᠤᠬᠠᠭᠠᠨ ᠳᠤ ᠳᠠᠢᠯᠠᠯᠲᠠ ᠬᠢᠵᠦ ᠪᠠᠢᠭ᠎ᠠ ᠨᠡᠢᠭᠡᠮ ᠵᠢᠷᠦᠮ ᠦᠨ ᠬᠦᠭᠵᠢᠯ ᠦᠨ ᠰᠢᠨ᠎ᠡ ᠱᠠᠲᠤ ᠦᠶ᠎ᠡ ᠳᠦ᠂ ᠦᠭᠡ ᠬᠡᠯᠡ᠂ ᠦᠰᠦᠭ ᠪᠢᠴᠢᠭ ᠢᠶᠡᠨ ᠦᠨᠳᠦᠷ ᠪᠠᠷᠢᠮᠵᠢᠶ᠎ᠠ ᠪᠠᠷ ᠨᠢᠭᠡᠳᠭᠡᠨ ᠳᠦᠷᠢᠮᠵᠢᠭᠦᠯᠬᠦ ᠡᠭᠦᠷᠭᠡ᠂ ᠮᠠᠨ ᠤ ᠮᠣᠩᠭᠤᠯ ᠬᠡᠯᠡ ᠪᠢᠴᠢᠭ ᠦᠨ ᠠᠵᠢᠯᠲᠠᠨ ᠤ ᠬᠤᠶᠠᠷ ᠮᠦᠷᠦᠨ ᠳᠡᠭᠡᠷ᠎ᠡ ᠲᠡᠦᠬᠡ ᠶᠢᠨ ᠳᠡᠪᠢᠯᠠᠩ ᠪᠤᠯᠵᠤ ᠲᠤᠰᠢᠶᠠᠭᠳᠠᠵᠠᠢ᠃ ᠬᠤᠢᠰᠢᠲᠠ ᠦᠰᠦᠭ ᠦᠨ ᠳᠦᠷᠢᠮ ᠢ ᠰᠠᠢᠲᠤᠷ ᠪᠤᠯᠪᠠᠰᠤᠷᠠᠭᠤᠯᠵᠤ ᠪᠢᠴᠢᠯᠭᠡ ᠶᠢ ᠳᠦᠷᠢᠮᠵᠢᠭᠦᠯᠬᠦ ᠳᠦ ᠲᠤᠰᠠ ᠶᠢ ᠪᠤᠳᠤᠭᠠᠳ᠂ 《ᠡᠷᠲᠡᠨ ᠦ ᠬᠢ ᠶᠢ ᠣᠳᠣ ᠳᠤ ᠦᠢᠯᠡᠴᠢᠯᠡᠭᠦᠯᠬᠦ》 ᠵᠤᠷᠢᠯᠭ᠎ᠠ ᠪᠠᠷ᠂ ᠡᠷᠲᠡ ᠳᠡᠭᠡᠳᠦ ᠦᠶ᠎ᠡ ᠡᠴᠡ ᠮᠣᠩᠭᠤᠯᠴᠤᠳ ᠤᠨ ᠳᠦᠷᠢᠮ ᠢᠶᠡᠨ ᠰᠤᠳᠤᠯᠤᠨ ᠪᠤᠯᠪᠠᠰᠤᠷᠠᠭᠤᠯᠵᠤ ᠢᠷᠡᠭᠰᠡᠨ ᠲᠤᠢᠮᠤ ᠶᠢ᠂ ᠳᠠᠯᠠᠢ ᠳᠤ ᠳᠤᠰᠤᠯ ᠨᠡᠮᠡᠷᠢ᠂ ᠳᠠᠪᠰᠢᠯᠲᠠ ᠳᠤ ᠠᠯᠬᠤᠮ ᠴᠤ ᠤᠷᠤᠭᠰᠢ ᠬᠡᠮᠡᠨ ᠴᠢᠳᠠᠨ ᠶᠠᠳᠠᠨ ᠡᠮᠬᠢᠯᠡᠪᠡ᠃ |