论文信息


题名 《ᠰᠤᠯᠬᠠᠷᠠᠨᠢ ᠵᠢᠨ ᠲᠤᠭᠤᠵᠢ》ᠵᠢᠴᠢ ᠮᠦᠩᠭᠡ ᠨᠣᠭᠣᠭᠠᠨ ᠤᠷᠭᠤᠮᠠᠯ ᠤᠨ ᠳᠣᠮᠤᠭ ᠤᠨ ᠮᠣᠲ᠋ᠢᠹ — ᠮᠣᠩᠭ᠋ᠤᠯ᠂ ᠲᠦᠷᠺ ᠬᠡᠯᠡᠲᠡᠨ ᠦᠨᠳᠦᠰᠦᠲᠡᠨ ᠤ ᠮᠦᠩᠭᠡ ᠨᠣᠭᠣᠭᠠᠨ ᠤᠷᠭᠤᠮᠠᠯ ᠤᠨ ᠳᠣᠮᠤᠭ ᠤᠨ ᠬᠠᠷᠢᠴᠠᠭᠤᠯᠤᠭᠰᠠᠨ ᠰᠣᠳᠤᠯᠤᠯ
作者 ᠬᠸ‍·ᠨᠠᠮᠵᠢᠯ
关键词 ᠮᠦᠩᠭᠡ ᠨᠣᠭᠣᠭᠠᠨ ᠤᠷᠭᠤᠮᠠᠯ ᠤᠨ ᠳᠣᠮᠤᠭ; ᠭᠣᠣᠯ ᠮᠣᠲ᠋ᠢᠹ; ᠬᠠᠷᠢᠴᠠᠭᠤᠯᠤᠭᠰᠠᠨ ᠰᠣᠳᠤᠯᠤᠯ
摘要 ᠮᠣᠩᠭ᠋ᠤᠯ ᠬᠡᠯᠡᠨ ᠳᠡᠬᠢ《ᠰᠤᠯᠬᠠᠷᠠᠨᠢ ᠵᠢᠨ ᠲᠤᠭᠤᠵᠢ》ᠪᠠ ᠠᠷᠠᠳ ᠤᠨ ᠠᠮᠠᠨ ᠤᠯᠠᠮᠵᠢᠯᠠᠯ ᠳᠤ᠂ ᠮᠣᠩᠭ᠋ᠤᠯ᠂ ᠳᠦᠷᠺ ᠵᠡᠷᠭᠡ ᠠᠯᠳᠠᠢ ᠢᠵᠠᠭᠤᠷ ᠬᠡᠯᠡᠲᠡᠨ ᠦᠨᠳᠦᠰᠦᠲᠡᠨ ᠤ ᠮᠦᠩᠭᠡ ᠨᠣᠭᠣᠭᠠᠨ ᠤᠷᠭᠤᠮᠠᠯ ᠤᠨ ᠳᠣᠮᠤᠭ ᠤᠨ ᠭᠣᠣᠯ ᠮᠣᠲ᠋ᠢᠹ ᠨᠢ ᠬᠦᠮᠦᠨ ᠠᠮᠢᠲᠠᠨ ᠢ ᠮᠦᠩᠭᠡᠷᠡᠭᠦᠯᠳᠡᠭ ᠮᠦᠩᠭᠡ ᠵᠢᠨ ᠤᠰᠤ ᠪᠣᠶᠤ ᠮᠦᠩᠭᠡ ᠵᠢᠨ ᠷᠠᠰᠢᠶᠠᠨ ᠨᠠᠷᠠᠰᠤ ᠮᠠᠶᠢᠯᠠᠰᠤ ᠪᠠ ᠵᠡᠭᠡᠷᠭᠡᠨ᠌ ᠡ ᠮᠡᠲᠦ ᠵᠢᠨ ᠤᠷᠭᠤᠮᠠᠯ ᠳᠡᠭᠡᠷ ᠡ ᠠᠰᠭᠠᠷᠠᠭᠰᠠᠨ ᠡᠴᠡ ᠲᠡᠳᠡᠭᠡᠷ ᠤᠷᠭᠤᠮᠠᠯ ᠦᠨᠢᠳᠡ ᠨᠣᠭᠣᠭᠠᠨ ᠬᠡᠪ ᠵᠢᠡᠷ ᠵᠢᠡᠨ ᠪᠠᠶᠢᠳᠠᠭ ᠪᠣᠯᠭᠠᠭᠰᠠᠨ ᠭᠡᠵᠦ ᠦᠭᠦᠯᠡᠳᠡᠭ᠃ ᠮᠦᠩᠭᠡ ᠨᠣᠭᠣᠭᠠᠨ ᠤᠷᠭᠤᠮᠠᠯ ᠤᠨ ᠲᠣᠬᠠᠢ ᠳᠣᠮᠤᠭ ᠤᠨ ᠡᠨᠡ ᠭᠦ ᠮᠣᠲ᠋ᠢᠹ ᠨᠢ ᠵᠦᠪᠬᠡᠨ ᠮᠣᠩᠭ᠋ᠤᠯ᠂ ᠳᠦᠷᠺ ᠬᠡᠯᠡᠲᠡᠨ ᠦᠨᠳᠦᠰᠦᠲᠡᠨ ᠤ ᠳᠤᠮᠳᠠ ᠳᠡᠯᠭᠡᠷᠡᠵᠦ ᠪᠣᠢ᠂ ᠬᠣᠯᠪᠤᠭᠳᠠᠯ ᠪᠦᠬᠦᠢ ᠪᠣᠰᠤᠳ ᠦᠨᠳᠦᠰᠦᠲᠡᠨ ᠤᠭᠰᠠᠭᠠᠲᠠᠨ ᠤ ᠳᠣᠮᠤᠭ ᠤᠨ ᠳᠣᠲᠤᠷ ᠠ ᠡᠶᠢᠮᠦᠷᠬᠦᠦ ᠨᠡᠶᠢᠲᠡᠯᠢᠭ ᠰᠢᠨᠵᠢ ᠪᠦᠬᠦᠢ ᠮᠣᠲ᠋ᠢᠹ ᠬᠠᠷᠠᠭᠳᠠᠬᠤ ᠦᠭᠡᠢ᠃ ᠡᠶᠢᠮᠦ ᠡᠴᠡ ᠮᠦᠩᠭᠡ ᠨᠣᠭᠣᠭᠠᠨ ᠤᠷᠭᠤᠮᠠᠯ ᠤᠨ ᠳᠣᠮᠣᠭ ᠤᠨ ᠤᠤᠯ ᠵᠠᠭᠪᠤᠷ ᠨᠢ ᠮᠣᠩᠭ᠋ᠤᠯ᠂ ᠲᠦᠷᠺ ᠵᠡᠷᠭᠡ ᠠᠯᠳᠠᠢ ᠬᠡᠯᠡᠲᠡᠨ ᠦᠨᠳᠦᠰᠦᠲᠡᠨ ᠨᠤᠭᠦᠳ ᠤᠨ ᠳᠣᠲᠤᠷ ᠠ ᠡᠭᠦᠰᠦᠭᠰᠡᠨ ᠪᠠᠶᠢᠵᠦ ᠪᠣᠯᠤᠨ᠌ ᠠ᠃
原文 查看原文
出自 内蒙古民族大学学报(社会科学) 2005年 第1期

联系我们


内蒙古大学图书馆
呼和浩特市大学西路235号
中国·内蒙古
P: (0471) 4992561
E: huangfeilong@imu.edu.cn