摘要 |
ᠡᠷᠲᠡᠨ ᠤ ᠮᠣᠩᠭᠤᠯ ᠪᠦᠰᠡᠬᠦᠢᠴᠦᠳ ᠨᠢᠭᠡ ᠵᠦᠢᠯ ᠤᠨ ᠦᠨᠳᠦᠷ ᠮᠠᠯᠠᠭᠠᠢ ᠵᠡᠭᠦᠳᠡᠭ ᠪᠠᠢᠭᠰᠠᠨ ᠢ ᠬᠢᠲᠠᠳ ᠤᠨ ᠪᠣᠶᠣ ᠦᠷᠤᠨ᠎ᠠ ᠳ᠋ᠡᠬᠢᠨ ᠤ ᠵᠢᠭᠤᠯᠴᠢᠨ ᠶᠡᠬᠡᠯ ᠡ ᠰᠤᠨᠢᠷᠬᠠᠯ᠂ ᠲᠡᠭᠦᠨ ᠤ ᠬᠡᠯᠪᠡᠷᠢ ᠲᠦᠷᠰᠦ᠂ ᠬᠢᠬᠦ ᠵᠡᠭᠦᠭᠦ ᠠᠷᠭ᠎ᠠ ᠪᠠᠷᠢᠯ᠂ ᠶᠣᠰᠤ ᠴᠡᠭᠡᠷ ᠤᠨ ᠲᠣᠬᠠᠢ ᠤᠯᠠᠨ ᠨᠠᠷᠢᠨ ᠲᠡᠮᠳᠡᠭᠯᠡᠯ ᠦᠯᠡᠳᠡᠭᠡᠭᠰᠡᠨ ᠪᠠᠢᠳᠠᠭ᠃ᠲᠡᠭᠦᠨ ᠢ ᠬᠢᠲᠡᠳ ᠢᠢᠡᠷ《ᠬᠦ᠋ ᠭᠦ᠋ ᠮᠠᠯᠠᠭᠠᠢ》ᠭᠡᠳᠡᠭ᠃ ᠲᠤᠰ ᠦᠭᠦᠯᠡᠯ ᠳ᠋ᠤ ᠰᠤᠷᠪᠤᠯᠵᠢ ᠪᠢᠴᠢᠭ ᠤᠨ ᠲᠡᠮᠳᠡᠭᠯᠡᠯ ᠪᠠ ᠤᠢᠷ ᠠ ᠣᠷᠴᠢᠨ ᠦᠶ ᠠ ᠶᠢᠨ ᠠᠷᠠᠳ ᠤᠨ ᠵᠠᠩᠰᠢᠯ ᠡᠴᠡ ᠰᠡᠳᠦᠪᠯᠡᠨ᠂ ᠲᠡᠷᠡᠬᠦ《ᠬᠦ᠋ ᠬᠦ᠋ ᠮᠠᠯᠠᠭᠠᠢ》 ᠶᠢᠨ ᠮᠣᠩᠭᠤᠯ ᠨᠡᠷᠡᠢᠳᠦᠯ᠂ ᠲᠡᠭᠦᠨ ᠤ ᠰᠢᠨᠵᠢ ᠴᠢᠨᠠᠷ᠂ ᠲᠡᠭᠦᠨ ᠤ ᠨᠡᠷᠡᠢᠳᠦᠯ ᠪᠠ ᠵᠠᠩ ᠵᠠᠩᠰᠢᠯ ᠤᠨ ᠲᠠᠯ ᠠ ᠪᠡᠷ ᠬᠢ ᠠᠷᠠᠳ ᠤᠨ ᠲᠤᠮᠳᠠᠬᠢ ᠬᠤᠪᠢᠷᠠᠯ ᠰᠢᠨᠵᠢ ᠶᠢᠨ ᠲᠣᠬᠠᠢ ᠦᠪᠡᠷ ᠤᠨ ᠦᠵᠡᠯᠲᠡ ᠪᠠᠨ ᠲᠡᠪᠰᠢᠭᠦᠯᠦᠭᠰᠡᠨ ᠪᠠᠢᠨ᠎ᠠ᠃ |