题名 |
ᠮᠣᠩᠭᠤᠯ ᠤᠯᠤᠰ ᠤᠨ ᠮᠠᠯᠴᠢᠳ ᠤᠨ ᠠᠮᠢᠵᠢᠷᠠᠭᠠᠨ ᠤ ᠲᠤᠬᠠᠢ ᠰᠢᠨᠵᠢᠯᠡᠯ--ᠨᠢᠭᠡᠨ ᠬᠡᠭᠡᠷ ᠠ ᠶᠢᠨ ᠰᠢᠨᠵᠢᠯᠡᠭᠡᠨ ᠤ ᠲᠤᠭᠤᠷᠢᠨ ᠳ᠋ᠤ |
作者 |
ᠲᠠᠩᠭᠤᠳᠠᠢ ᠮᠠ ᠪᠦᠷᠢᠨᠵᠢᠷᠭᠠᠯ |
关键词 |
ᠮᠣᠩᠭᠤᠯ ᠤᠯᠤᠰ ᠤᠨ ᠪᠡᠯᠴᠢᠭᠡᠷ ᠤᠨ ᠮᠠᠯ ᠠᠵᠤ ᠠᠬᠤᠢ; ᠮᠠᠯᠴᠢᠳ ᠤᠨ ᠠᠮᠢᠵᠢᠷᠠᠭ᠎ᠠ; ᠭᠡᠭᠡᠷ ᠠ ᠶᠢᠨ ᠰᠢᠨᠵᠢᠯᠡᠭᠡ |
摘要 |
ᠮᠣᠩᠭᠤᠯ ᠤᠯᠤᠰ ᠵᠠᠬ ᠠ ᠵᠡᠭᠡᠯᠢ ᠶᠢᠨ ᠡᠳ᠋ ᠤᠨ ᠵᠠᠰᠠᠭ ᠤᠨ ᠬᠠᠷᠢᠯᠴᠠᠭᠠᠨ ᠳ᠋ᠤ ᠰᠢᠯᠵᠢᠭᠰᠡᠨ 1990ᠣᠨ ᠡᠴᠡ ᠬᠤᠢᠰᠢ ᠦᠩᠭᠡᠷᠡᠭᠰᠡᠨ 28 ᠵᠢᠯ ᠤᠨ ᠬᠤᠭᠤᠴᠠᠭᠠᠨ ᠳ᠋ᠤ ᠪᠡᠯᠴᠢᠭᠡᠷ ᠤᠨ ᠮᠠᠯ ᠠᠵᠤ ᠠᠬᠤᠢ ᠳ᠋ᠤ ᠲᠤᠭᠠᠨ ᠤ ᠪᠤᠯᠤᠨ ᠴᠢᠨᠠᠷ ᠤᠨ ᠬᠤᠪᠢ ᠳ᠋ᠤ ᠮᠡᠳᠡᠭᠳᠡᠬᠦᠢᠴᠡ ᠦᠭᠡᠷᠡᠴᠢᠯᠠᠯᠲᠠ ᠭᠠᠷᠤᠭᠰᠠᠨ ᠪᠠᠢᠨ᠎ᠠ᠃ ᠡᠨᠡ ᠬᠦ ᠬᠤᠪᠢᠰᠤᠯ᠂ ᠦᠭᠡᠷᠡᠴᠢᠯᠠᠯᠲᠠ ᠨᠢ ᠮᠣᠩᠭᠤᠯ ᠤᠯᠤᠰ ᠤᠨ ᠵᠠᠬ᠎ᠠ ᠵᠡᠭᠡᠯᠢ ᠶᠢᠨ ᠡᠳ᠋ ᠤᠨ ᠵᠠᠰᠠᠭ ᠤᠨ ᠲᠤᠭᠲᠠᠯᠴᠠᠭᠠᠨ ᠳ᠋ᠤ ᠰᠢᠯᠵᠢᠬᠦ ᠰᠢᠯᠵᠢᠯᠲᠡ ᠶᠢᠨ ᠶᠠᠪᠤᠴᠠ ᠲᠠᠢ ᠤᠶᠠᠯᠳᠤᠨ ᠴᠢᠨᠠᠭᠰᠢᠲᠠ ᠦᠷᠬᠦᠯᠵᠢᠯᠡᠬᠦ ᠨᠢ ᠲᠤᠳᠤᠷᠬᠠᠢ᠃ ᠬᠤᠷᠰᠢ ᠵᠡᠷᠭᠡᠯᠡᠳᠡᠭᠡ ᠤᠷᠤᠨ ᠨᠤᠭᠤᠳ ᠤᠨ ᠵᠠᠬ ᠠ ᠵᠡᠭᠡᠯᠢ ᠳ᠋ᠤ ᠬᠢ ᠮᠢᠬᠠᠨ ᠤ ᠢᠷᠡᠯᠲᠡ ᠶᠡᠬᠡᠳᠦᠭᠰᠡᠭᠡᠷ ᠪᠠᠢᠭ᠎ᠠ ᠠᠰᠢᠭᠲᠠᠢ ᠪᠤᠯᠤᠮᠵᠢ ᠵᠢ ᠠᠰᠢᠭᠯᠠᠬᠤ ᠲᠤᠬᠢᠶᠠᠯᠳᠤᠯ ᠳ᠋ᠤ ᠪᠡᠯᠴᠢᠭᠡᠷ ᠲᠤ ᠰᠠᠭᠤᠷᠢᠯᠠᠭᠰᠠᠨ ᠮᠠᠯ ᠠᠵᠤ ᠠᠬᠤᠢ ᠶᠢᠨ ᠦᠢᠯᠡᠳᠪᠦᠷᠢᠯᠡᠯ ᠨᠢ ᠮᠣᠩᠭᠤᠯ ᠤᠯᠤᠰ ᠤᠨ ᠶᠠᠳᠠᠭᠤᠷᠠᠯ ᠢ ᠪᠠᠭᠤᠷᠠᠭᠤᠯᠵᠤ᠂ ᠡᠳ᠋ ᠤᠨ ᠵᠠᠰᠠᠭ ᠢ ᠭᠦᠭᠵᠢᠬᠦᠯᠬᠦ ᠴᠢᠬᠤᠯᠠ ᠬᠦᠰᠦᠭᠦᠷᠭᠡ ᠪᠤᠯᠵᠤ ᠪᠤᠯᠤᠨ᠎ᠠ᠃ ᠲᠤᠰ ᠦᠭᠦᠯᠡᠯ ᠳ᠋ᠤ ᠪᠡᠯᠴᠢᠭᠡᠷ ᠤᠨ ᠮᠠᠯ ᠠᠵᠤ ᠠᠬᠤᠢ ᠨᠢ ᠮᠣᠩᠭᠤᠯ ᠤᠯᠤᠰ ᠤᠨ ᠲᠤᠭᠲᠠᠪᠤᠷᠢᠲᠠᠢ ᠭᠦᠭᠵᠢᠯ ᠤᠨ ᠬᠤᠪᠢ ᠳ᠋ᠤ ᠬᠤᠵᠢᠮ ᠢᠷᠡᠭᠡᠳᠦᠢ ᠶᠢᠨ ᠲᠤᠬᠢᠷᠠᠮᠵᠢᠲᠠᠢ ᠬᠤᠪᠢᠯᠪᠤᠷᠢ ᠴᠤ ᠪᠠᠢᠵᠤ ᠪᠤᠯᠬᠤ ᠶᠣᠮ ᠭᠡᠰᠡᠨ ᠲᠠᠭᠠᠮᠠᠭᠯᠠᠯ ᠤᠨ ᠲᠠᠠᠭᠤ ᠨᠠᠯᠴᠢᠳ ᠤᠨ ᠠᠮᠢᠵᠢᠷᠠᠭᠠᠨ ᠳ᠋ᠤ ᠬᠤᠯᠪᠤᠭᠳᠠᠬᠤ ᠰᠠᠨᠠᠯ ᠢ ᠲᠡᠪᠰᠢᠭᠦᠯᠦᠭᠰᠡᠨ ᠪᠤᠯᠤᠨ᠎ᠠ᠃ |
原文 |
查看原文
|
出自 |
内蒙古大学学报
2018年
第5期
|