摘要 |
ᠮᠣᠩᠭᠤᠯ ᠬᠢᠲᠡᠳ ᠦᠰᠦᠭ ᠤᠨ ᠴᠢᠩ ᠤᠯᠤᠰ ᠤᠨ 《ᠲᠠᠢᠽᠦ᠋ᠩ ᠬᠠᠭᠠᠨ ᠤ ᠮᠠᠭᠠᠳ ᠬᠠᠤᠯᠢ》 ᠵᠢ ᠬᠠᠷᠢᠴᠠᠭᠤᠯᠤᠨ ᠰᠣᠳᠤᠯᠵᠤ ᠡᠳᠦᠢ ᠲᠡᠳᠦᠢ ᠪᠣᠷᠤᠭᠤ ᠪᠣᠯᠤᠨ ᠠᠳᠠᠯᠢ ᠪᠣᠰᠤ ᠵᠦᠢᠯᠰ ᠢ ᠬᠠᠷᠢᠴᠠᠭᠤᠯᠵᠤ᠂ ᠦᠭᠦᠯᠡᠭᠰᠡᠨ ᠪᠠᠢᠨ᠎ᠠ᠃ ᠡᠳᠡᠭᠡᠷ ᠵᠦᠷᠢ ᠡ ᠲᠠᠢ ᠵᠦᠢᠯᠡᠰ ᠢ ᠦᠭᠡ ᠦᠭᠦᠯᠡᠪᠦᠷᠢ ᠶᠢᠨ ᠠᠯᠳᠠᠭ᠎ᠠ᠂ ᠣᠷᠴᠢᠭᠤᠯᠭ᠎ᠠ ᠶᠢᠨ ᠲᠤᠷᠬᠠᠢ ᠪᠣᠰᠦ ᠵᠦᠢᠯ᠂ ᠰᠢᠨ᠎ᠡ ᠪᠡᠷ ᠮᠡᠳᠡᠬᠦ ᠵᠦᠢᠯ᠂ ᠲᠤᠰᠬᠠᠢ ᠨᠡᠷᠡᠰ ᠤᠨ ᠣᠷᠴᠢᠭᠤᠯᠭ᠎ᠠ ᠶᠢᠨ ᠣᠨᠴᠠᠯᠢᠭ ᠵᠡᠷᠭᠡ ᠭᠡᠳᠦᠨ ᠲᠦᠷᠦᠯ ᠳᠤ ᠠᠩᠬᠢᠯᠠᠨ ᠪᠣᠷᠤᠭᠤ ᠵᠦᠢᠯᠠᠰ ᠲᠤ ᠲᠣᠳᠤᠯᠤᠯ ᠬᠢᠵᠦ᠂ ᠠᠳᠠᠯᠢ ᠪᠣᠰᠤ ᠵᠦᠢᠯᠡᠰ ᠢ ᠲᠤᠳᠤᠷᠬᠠᠢᠯᠠᠨ ᠭᠠᠷᠭᠠᠪᠠ᠃ ᠰᠣᠳᠣᠯᠣᠯ ᠡᠴᠡ ᠦᠵᠡᠬᠦ ᠳ᠋ᠤ ᠮᠣᠩᠭᠤᠯ ᠦᠰᠦᠭ ᠤᠨ 《ᠲᠠᠢᠽᠦ᠋ᠩ ᠬᠠᠭᠠᠨ ᠤ ᠮᠠᠭᠳ ᠬᠠᠤᠯᠢ》 ᠳ᠋ᠤ ᠮᠣᠩᠭᠤᠯ᠂ ᠮᠠᠨᠵᠤ ᠶᠢᠨ ᠲᠡᠦᠬᠡ ᠰᠣᠶᠣᠯ ᠤᠨ ᠬᠤᠯᠪᠤᠭᠳᠠᠯᠳᠤ ᠮᠡᠳᠡᠭᠡ ᠪᠠᠷᠢᠮᠳᠠ ᠵᠦᠪ᠂ ᠨᠠᠷᠢᠯᠢᠭ ᠪᠢᠴᠢᠭᠳᠡᠵᠦ ᠪᠠᠢᠳᠠᠭ᠃ ᠡᠭᠦᠨ ᠳ᠋ᠤ ᠮᠣᠩᠭᠤᠯ ᠦᠰᠦᠭ ᠤᠨ 《ᠮᠠᠭᠠᠳ ᠬᠠᠤᠯᠢ》 ᠶᠢᠨ ᠡᠷᠳᠡᠮ ᠰᠢᠨᠵᠢᠯᠡᠭᠡᠨ ᠤ ᠦᠨ᠎ᠠ ᠦᠷᠲᠡᠭ ᠬᠠᠳᠠᠭᠠᠯᠠᠭᠳᠠᠵᠤ ᠪᠠᠢᠬᠤ ᠪᠡᠷ ᠪᠠᠷᠠᠬᠤ ᠦᠭᠡᠢ ᠡᠳᠡᠭᠡᠷ ᠵᠦᠪ᠂ ᠨᠠᠷᠢᠯᠢᠭ ᠲᠡᠮᠳᠡᠭᠡᠯᠯ ᠡᠴᠡ ᠮᠠᠨᠵᠤ᠂ ᠮᠣᠩᠭᠤᠯ ᠤᠨ ᠲᠡᠦᠬᠡ ᠰᠣᠶᠣᠯ ᠤᠨ ᠲᠣᠬᠠᠢ ᠮᠡᠳᠡᠭᠡ ᠪᠠᠷᠢᠮᠲᠠ ᠶᠢᠨ ᠡᠬᠡ ᠮᠠᠲ᠋ᠧᠷᠢᠶᠠᠯ ᠨᠢ ᠮᠣᠩᠭᠤᠯ ᠦᠰᠦᠭ ᠢᠢᠡᠷ ᠪᠢᠴᠢᠭᠳᠡᠵᠦ ᠪᠠᠢᠭᠰᠠᠨ ᠢ ᠮᠡᠳᠡᠵᠦ ᠪᠣᠯᠤᠨ᠎ᠠ᠃ |