论文信息


题名 ᠪᠠᠢ ᠵᠢᠨ ᠱᠧᠩ ᠤᠨ 《ᠲᠡᠭᠷᠢ ᠶᠢᠨ ᠮᠤᠷᠢ》 ᠷᠤᠮᠠᠨ ᠤ ᠲᠤᠬᠠᠢ ᠳᠦᠭᠦᠮ ᠦᠭᠦᠯᠡᠬᠦ ᠨᠢ
作者 ᠼᠠᠢ ᠶᠦᠨ
关键词 《ᠲᠡᠭᠷᠢ ᠶᠢᠨ ᠮᠤᠷᠢ》 ᠷᠤᠮᠠᠨ; ᠬᠠᠷ᠎ᠠ ᠭᠢᠯᠪᠠᠭᠠᠨ
摘要 ᠪᠠᠢ ᠵᠢᠨ ᠱᠧᠩ ᠤᠨ ᠪᠢᠴᠢᠭᠰᠡᠨ 《ᠲᠡᠭᠷᠢ ᠶᠢᠨ ᠮᠤᠷᠢ》 ᠨᠢ ᠵᠤᠬᠢᠶᠠᠮᠵᠢ ᠪᠠᠢᠷᠢᠰᠢᠭᠤᠯᠤᠯᠲᠠ ᠶᠢᠨ ᠬᠤᠪᠢ ᠳᠤ᠂ 《ᠲᠡᠭᠷᠢ ᠶᠢᠨ ᠮᠤᠷᠢ》 ᠬᠠᠷ᠎ᠠ ᠭᠢᠯᠪᠠᠭᠠᠨ ᠢᠶᠠᠷ ᠰᠢᠵᠢᠮ ᠪᠤᠯᠭᠠᠨ᠂ ᠪᠦᠬᠦ ᠦᠢᠯᠡ ᠶᠠᠪᠤᠳᠠᠯ ᠢᠶᠠᠨ ᠡᠨᠡ ᠲᠤᠭᠤᠷᠢᠨ ᠳᠤ ᠪᠠᠨ ᠵᠤᠬᠢᠶᠠᠮᠵᠢᠯᠠᠵᠤ᠂ ᠵᠤᠬᠢᠶᠠᠯ ᠤᠨ ᠭᠤᠤᠯ ᠪᠠᠭᠠᠲᠤᠷ᠂ ᠣᠨᠴᠠᠭᠠᠢᠯᠠᠨ ᠠᠷᠢᠯᠲᠠ ᠪᠠᠶᠠᠨ ᠤ ᠨᠢᠭᠡ ᠭᠡᠷ ᠦᠨ ᠬᠢᠨ ᠦ ᠬᠤᠪᠢ ᠵᠠᠶᠠᠭ᠎ᠠ ᠨᠢ ᠬᠠᠷ᠎ᠠ ᠭᠢᠯᠪᠠᠭᠠᠨ ᠲᠠᠢ ᠨᠢᠭᠲᠠ ᠬᠠᠷᠢᠴᠠᠭ᠎ᠠ ᠲᠠᠢ ᠪᠤᠯᠤᠨ᠎ᠠ ᠭᠡᠳᠡᠭ ᠢ ᠣᠯᠠᠨ ᠳᠤ ᠮᠡᠳᠡᠭᠦᠯᠵᠡᠢ᠃ ᠬᠡᠯᠡ ᠬᠡᠯᠡᠯᠭᠡ ᠶᠢᠨ ᠲᠠᠯ᠎ᠠ ᠪᠠᠷ ᠵᠤᠬᠢᠶᠠᠭᠴᠢ ᠠᠴᠠ ᠣᠯᠠᠩᠭᠢ ᠵᠤᠬᠢᠶᠠᠯᠴᠢ ᠶᠢᠨ ᠨᠤᠲᠤᠭ ᠤᠨ ᠠᠮᠢᠳᠤ ᠶᠠᠷᠢᠶᠠᠨ ᠤ ᠬᠡᠯᠡ ᠶᠢ ᠬᠡᠷᠡᠭᠯᠡᠳᠡᠭ ᠦᠭᠡᠢ ᠲᠠᠯ᠎ᠠ ᠪᠠᠷ ᠣᠨᠳᠤᠤ᠂ ᠦᠪᠡᠷ ᠦᠨ ᠬᠤᠷᠴᠢᠨ ᠨᠤᠲᠤᠭ ᠤᠨ ᠶᠠᠷᠢᠶᠠᠨ ᠤ ᠬᠡᠯᠡ ᠪᠡᠨ ᠠᠰᠢᠭᠯᠠᠵᠤ᠂ ᠣᠷᠤᠨ ᠨᠤᠲᠤᠭ ᠤᠨ ᠣᠨᠴᠠᠯᠢᠭ ᠲᠠᠢ ᠵᠤᠬᠢᠶᠠᠯ ᠪᠦᠲᠦᠭᠡᠯ ᠪᠤᠯᠭᠠᠭᠰᠠᠨ ᠪᠠᠢᠨ᠎ᠠ᠃ ᠱᠠᠰᠢᠨ ᠰᠤᠶᠤᠯ ᠤᠨ ᠲᠠᠯ᠎ᠠ ᠪᠠᠷ ᠪᠦᠬᠡ ᠶᠢᠨ ᠱᠠᠰᠢᠨ ᠪᠤᠯᠤᠨ ᠪᠤᠷᠬᠠᠨ ᠤ ᠱᠠᠰᠢᠨ ᠭᠡᠬᠦ ᠬᠤᠶᠠᠷ ᠲᠠᠯ᠎ᠠ ᠶᠢᠨ ᠠᠭᠤᠯᠭ᠎ᠠ ᠶᠢ ᠬᠠᠮᠤᠷᠴᠤ ᠪᠠᠢᠬᠤ ᠪᠦᠭᠡᠳ ᠬᠦᠮᠦᠰ ᠦᠨ ᠨᠢᠳᠦᠨ ᠳᠦ ᠦᠵᠡᠭᠳᠡᠮ᠎ᠡ ᠤᠷᠠᠨ ᠳᠦᠷᠢ ᠶᠢ ᠵᠦᠪ ᠪᠤᠷᠤᠭᠤ ᠬᠤᠶᠠᠷ ᠲᠠᠯ᠎ᠠ ᠠᠴᠠ ᠮᠠᠰᠢ ᠰᠠᠢᠬᠠᠨ ᠪᠦᠲᠦᠭᠡᠵᠦ ᠲᠤᠭᠤᠵᠢᠰ ᠤᠨ ᠵᠤᠬᠢᠶᠠᠯ ᠤᠨ ᠣᠨᠴᠠᠯᠢᠭ ᠢᠶᠠᠨ ᠲᠤᠳᠤ ᠲᠤᠪᠤᠭᠤᠢ ᠪᠤᠯᠭᠠᠵᠤ ᠴᠢᠳᠠᠵᠠᠢ᠃
原文 没有原文
出自 内蒙古民族大学学报(社会科学) 2015年 第3期

联系我们


内蒙古大学图书馆
呼和浩特市大学西路235号
中国·内蒙古
P: (0471) 4992561
E: huangfeilong@imu.edu.cn