题名 |
ᠮᠠᠨ ᠤ ᠣᠷᠤᠨ ᠤ ᠨᠡᠢ᠌ᠢᠲᠡ ᠶᠢᠨ ᠦᠮᠴᠢᠯᠡᠯ ᠦᠨ ᠪᠤᠰᠤ ᠠᠵᠤ ᠠᠬᠤᠢ ᠶᠢᠨ ᠬᠦᠭ᠍ᠵᠢᠯᠲᠡ ᠳᠦ ᠰᠢᠯᠢᠳᠡᠭ ᠰᠠᠢ᠌ᠨ ᠭᠠᠳᠠᠭᠠᠳᠤ ᠣᠷᠴᠢᠨ ᠲᠤᠭᠤᠷᠢᠨ ᠢ ᠬᠡᠷᠬᠢᠨ ᠡᠭᠦᠳᠬᠦ ᠲᠤᠬᠠᠢ |
作者 |
ᠲᠠᠨ᠎ᠠ |
关键词 |
ᠦᠵᠡᠯ ᠰᠠᠨᠠᠭ᠎ᠠ ᠪᠠᠨ ᠴᠢᠯᠦᠭᠡᠯᠡᠬᠦ; ᠨᠡᠢ᠌ᠲᠡ ᠶᠢᠨ ᠦᠮᠴᠢᠯᠡᠯ ᠦᠨ ᠪᠤᠰᠤ ᠠᠵᠤ ᠠᠬᠤᠢ; ᠭᠠᠳᠠᠭᠠᠳᠤ ᠣᠷᠴᠢᠨ ᠲᠤᠭᠤᠷᠢᠨ |
摘要 |
ᠬᠤᠷᠢᠭᠠᠳ ᠢᠯᠡᠭᠦᠦ ᠵᠢᠯ ᠦᠨ ᠦᠭᠡᠷᠡᠴᠢᠯᠡᠯᠲᠡ ᠬᠦᠭ᠍ᠵᠢᠯᠲᠡ ᠪᠡᠷ ᠳᠠᠮᠵᠢᠭᠠᠳ᠂ ᠦᠪᠦᠷ ᠮᠣᠩ᠋ᠭᠤᠯ ᠣᠷᠤᠨ ᠤ ᠨᠡᠢ᠌ᠲᠡ ᠶᠢᠨ ᠦᠮᠴᠢᠯᠡᠯ ᠦᠨ ᠪᠤᠰᠤ ᠠᠵᠤ ᠠᠬᠤᠢ ᠵᠤᠬᠢᠬᠤ ᠬᠡᠮᠢᠶᠡ ᠪᠡᠷ ᠬᠦᠭ᠍ᠵᠢᠭᠰᠡᠨ ᠪᠤᠯᠪᠠᠴᠤ᠂ ᠬᠦᠭ᠍ᠵᠢᠭᠰᠡᠨ ᠣᠷᠤᠨ ᠨᠤᠭᠤᠳ ᠲᠠᠢ ᠠᠳᠠᠯᠢᠳᠬᠠᠠᠯ ᠪᠠᠰᠠ ᠮᠠᠰᠢ ᠶᠡᠬᠡ ᠵᠦᠷᠢᠶ᠎ᠡ ᠣᠷᠤᠰᠢᠵᠤ ᠪᠠᠢ᠌ᠨ᠎ᠠ᠃ ᠬᠠᠮᠢᠭᠠᠬᠢ ᠣᠷᠴᠢᠨ ᠲᠤᠭᠤᠷᠢᠨ ᠰᠠᠢ᠌ᠨ ᠪᠤᠯ ᠲᠡᠨᠳᠡᠬᠢ ᠶᠢᠨ ᠨᠡᠢ᠌ᠲᠡ ᠶᠢᠨ ᠦᠮᠴᠢᠯᠡᠯ ᠦᠨ ᠪᠤᠰᠤ ᠠᠵᠤ ᠠᠬᠤᠢ ᠶᠢᠨ ᠬᠦᠭ᠍ᠵᠢᠯᠲᠡ ᠲᠦᠷᠭᠡᠨ ᠭᠡᠳᠡᠭ ᠢ ᠬᠦᠭ᠍ᠵᠢᠭᠰᠡᠨ ᠣᠷᠤᠨ ᠤ ᠲᠤᠷᠰᠢᠯᠭ᠎ᠠ ᠨᠢᠭᠡᠨᠲᠡ ᠭᠡᠷᠡᠴᠢᠯᠡᠵᠢ᠃ ᠪᠢᠳᠡ ᠵᠦᠪᠬᠡᠨ ᠦᠵᠡᠯ ᠰᠠᠨᠠᠭ᠎ᠠ ᠪᠠᠨ ᠴᠢᠯᠦᠭᠡᠯᠡᠨ᠂ ᠦᠵᠡᠯᠲᠡ ᠲᠠᠨᠢᠯᠲᠠ ᠪᠠᠨ ᠦᠭᠡᠷᠡᠴᠢᠯᠡᠵᠦ᠂ ᠬᠦᠭ᠍ᠵᠢᠭᠰᠡᠨ ᠣᠷᠤᠨ ᠠᠴᠠ ᠪᠠᠰᠠ ᠰᠢᠯᠢᠳᠡᠭ ᠰᠠᠢ᠌ᠨ ᠣᠷᠴᠢᠨ ᠲᠤᠭᠤᠷᠢᠨ ᠢ ᠪᠤᠢ ᠪᠤᠯᠭᠠᠬᠠᠵᠢᠨ ᠰᠠᠶᠢ ᠭᠠᠳᠠᠷ ᠣᠷᠤᠨ ᠤ ᠪᠡᠯᠡ ᠣᠷᠤᠭᠤᠯᠤᠭᠴᠢᠳ ᠠᠷᠠᠯᠵᠢᠶᠠᠴᠢᠳ ᠢ ᠲᠠᠲᠠᠨ ᠠᠪᠴᠢᠷᠠᠵᠤ᠂ ᠮᠠᠨ ᠤ ᠣᠷᠤᠨ ᠳᠤ ᠪᠡᠯᠡ ᠣᠷᠤᠭᠤᠯᠵᠤ ᠦᠢᠯᠡᠰ ᠪᠦᠲᠦᠭᠡᠬᠦ ᠪᠤᠯᠤᠨ᠎ᠠ᠃ ᠡᠢ᠌ᠮᠦ ᠡᠴᠡ᠂ ᠡᠯ᠎ᠡ ᠱᠠᠲᠤᠨ ᠤ ᠵᠠᠰᠠᠭ ᠤᠨ ᠣᠷᠳᠤᠨ ᠡᠷᠬᠡᠪᠰᠢ ᠦᠵᠡᠯ ᠰᠠᠨᠠᠭ᠎ᠠ ᠪᠠᠨ ᠴᠢᠯᠦᠭᠡᠯᠡᠨ᠂ ᠦᠵᠡᠯᠲᠡ ᠲᠠᠨᠢᠯᠲᠠ ᠪᠠᠨ ᠦᠭᠡᠷᠡᠴᠢᠯᠡᠵᠦ᠂ ᠮᠠᠨ ᠤ ᠣᠷᠤᠨ ᠤ ᠨᠡᠢ᠌ᠲᠡ ᠶᠢᠨ ᠦᠮᠴᠢᠯᠡᠯ ᠦᠨ ᠪᠤᠰᠤ ᠠᠵᠤ ᠠᠬᠤᠢ ᠶᠢᠨ ᠬᠦᠭ᠍ᠵᠢᠯᠲᠡ ᠳᠦ ᠰᠢᠯᠢᠳᠡᠭ ᠰᠠᠢ᠌ᠨ ᠵᠠᠰᠠᠭ ᠵᠠᠬᠢᠷᠭᠠᠨ ᠤ ᠣᠷᠴᠢᠨ ᠲᠤᠭᠤᠷᠢᠨ᠂ ᠲᠦᠷᠦ ᠶᠢᠨ ᠪᠤᠳᠤᠯᠭ᠎ᠠ ᠶᠢᠨ ᠣᠷᠴᠢᠨ ᠲᠤᠭᠤᠷᠢᠨ ᠪᠠ ᠪᠡᠯᠡ ᠮᠦᠩᠭᠦ ᠬᠤᠷᠠᠮᠳᠤᠭᠤᠯᠬᠤ ᠣᠷᠴᠢᠨ ᠲᠤᠭᠤᠷᠢᠨ ᠢ ᠪᠤᠢ ᠪᠤᠯᠭᠠᠵᠤ᠂ ᠮᠠᠨ ᠤ ᠣᠷᠤᠨ ᠤ ᠨᠡᠢ᠌ᠲᠡ ᠶᠢᠨ ᠦᠮᠴᠢᠯᠡᠯ ᠦᠨ ᠪᠤᠰᠤ ᠠᠵᠤ ᠠᠬᠤᠢ ᠶᠢᠨ ᠦᠰᠦᠷᠦᠩᠭᠦᠢ ᠬᠦᠭ᠍ᠵᠢᠯᠲᠡ ᠶᠢ ᠪᠡᠶᠡᠯᠡᠭᠦᠯᠬᠦ ᠬᠡᠷᠡᠭᠲᠡᠢ᠃ |
原文 |
查看原文
|
出自 |
内蒙古师范大学学报
2005年
第1期
|