题名 |
ᠰᠤᠷᠲᠠᠯᠲᠤ ᠪᠣᠯᠤᠨ ᠲᠡᠭᠦᠨ ᠦ ᠵᠣᠬᠢᠶᠠᠯ ᠪᠦᠲᠦᠭᠡᠯ ᠦᠨ ᠲᠤᠬᠠᠢ ᠦᠭᠦᠯᠡᠬᠦ ᠨᠢ - 《ᠰᠤᠷᠲᠠᠯᠲᠤ ᠶᠢᠨ ᠤᠷᠠᠨ ᠵᠣᠬᠢᠶᠠᠯ ᠤᠨ ᠲᠡᠭᠦᠪᠦᠷᠢ》ᠬᠡᠪᠯᠡᠭᠳᠡᠬᠦ ᠲᠠᠰᠢᠷᠠᠮ ᠳᠤ |
作者 |
ᠴ•ᠵᠢᠷᠭᠠᠯ |
关键词 |
ᠵᠣᠬᠢᠶᠠᠯᠴᠢ ᠰᠤᠷᠲᠠᠯᠲᠤ; ᠨᠠᠢ᠌ᠷᠠᠭᠤᠯᠤᠯ ᠤᠨ ᠠᠮᠵᠢᠯᠲᠠ; ᠷᠤᠮᠠᠨ《ᠬᠠᠬᠢᠷ ᠣᠪᠦᠯ》 |
摘要 |
ᠰᠤᠷᠲᠠᠯᠲᠤ ᠪᠣᠯ ᠮᠣᠩᠭᠣᠯ ᠦᠨᠳᠦᠰᠦᠲᠡᠨ ᠦ ᠣᠳᠣ ᠦᠶ᠎ᠡ ᠶᠢᠨ ᠤᠷᠠᠨ ᠵᠣᠬᠢᠶᠠᠯ ᠤᠨ ᠲᠡᠥᠬᠡᠨ ᠳᠥ ᠴᠢᠬᠤᠯᠠ ᠪᠠᠢ᠌ᠷᠢ ᠡᠵᠡᠯᠭᠰᠡᠨ ᠠᠯᠳᠠᠷᠲᠤ ᠵᠣᠬᠢᠶᠠᠯᠴᠢ ᠮᠦᠨ᠃ ᠣᠷᠢᠳ ᠬᠣᠵᠢᠳ《ᠠᠯᠲᠠᠨ ᠭᠤᠷᠭᠤᠤᠯᠳᠠᠢ ᠶᠢᠨ ᠳᠠᠭᠤᠨ》᠂《ᠠᠯᠲᠠᠨ ᠤᠨᠠᠭ᠎ᠠ ᠶᠢᠨ ᠦᠥᠷᠰᠡᠭᠡ》᠂《ᠬᠠᠷᠢ ᠤᠯᠤᠰ ᠢᠶᠡᠷ ᠠᠶᠠᠯᠠᠭᠰᠠᠨ ᠲᠡᠮᠳᠡᠭᠯᠡᠯ》᠂《ᠰᠤᠷᠲᠠᠯᠲᠤ ᠶᠢᠨ ᠨᠠᠢ᠌ᠷᠠᠭᠤᠯᠤᠯ ᠤᠨ ᠰᠤᠩᠭ᠋ᠤᠮᠠᠯ》(ᠬᠢᠲᠠᠳ)᠂《ᠪᠣᠳᠤᠯ ᠤᠨ ᠪᠣᠭᠤᠷᠤᠯ ᠬᠣᠷᠣ᠎ᠠ》᠂《ᠰᠤᠷᠲᠠᠯᠲᠤ ᠶᠢᠨ ᠲᠣᠭᠤᠵᠢᠰ ᠤᠨ ᠵᠣᠬᠢᠶᠠᠯ ᠤᠨ ᠰᠤᠩᠭ᠋ᠤᠮᠠᠯ》᠂ ᠷᠤᠮᠠᠨ《ᠬᠠᠬᠢᠷ ᠡᠪᠦᠯ》(ᠬᠢᠲᠠᠳ᠂ ᠮᠣᠩᠭᠣᠯ)᠂《ᠤᠷᠢᠬᠠᠨ ᠬᠠᠪᠤᠷ》ᠵᠡᠷᠭᠡ ᠨᠠᠢ᠌ᠷᠠᠭᠤᠯᠤᠯ ᠲᠣᠭᠤᠵᠢᠰ ᠤᠨ ᠤᠷᠠᠨ ᠪᠦᠲᠦᠭᠡᠯ ᠢᠶᠡᠨ ᠬᠡᠪᠯᠡᠭᠦᠯᠪᠡ᠃ ᠰᠤᠷᠲᠠᠯᠲᠤ ᠶᠢᠨ ᠤᠷᠠᠨ ᠵᠣᠬᠢᠶᠠᠯ ᠤᠨ ᠵᠣᠬᠢᠶᠠᠯ ᠪᠦᠲᠦᠭᠡᠯᠭᠡ ᠳᠥ ᠨᠠᠢ᠌ᠷᠠᠭᠤᠯᠤᠯ ᠴᠢᠬᠤᠯᠠ ᠪᠠᠢ᠌ᠷᠢ ᠶᠢ ᠡᠵᠡᠯᠡᠵᠦ ᠨᠠᠢ᠌ᠷᠠᠭᠤᠯᠤᠯ ᠤᠨ ᠠᠮᠵᠢᠯᠲᠠ ᠨᠢ ᠲᠡᠭᠦᠨ ᠦ ᠵᠣᠬᠢᠶᠠᠨ ᠪᠦᠲᠦᠭᠡᠯᠭᠡ ᠶᠢᠨ ᠭᠣᠣᠯ ᠠᠮᠵᠢᠯᠲᠠ ᠶᠢ ᠲᠦᠯᠦᠭᠡᠯᠡᠬᠦ ᠮᠦᠷᠲᠡᠭᠡᠨ ᠦᠭᠡᠷᠡᠴᠢᠯᠡᠯᠲᠡ ᠨᠡᠭᠡᠭᠡᠯᠲᠡ ᠶᠢᠨ ᠰᠢᠨ᠎ᠡ ᠴᠠᠭ ᠦᠶ᠎ᠡ ᠶᠢᠨ ᠮᠣᠩᠭᠣᠯ ᠨᠠᠢ᠌ᠷᠠᠭᠤᠯᠤᠯ ᠤᠨ ᠰᠢᠨ᠎ᠡ ᠲᠦᠪᠰᠢᠨ ᠢ ᠴᠣ ᠵᠣᠬᠢᠬᠤ ᠬᠡᠮᠵᠢᠶᠡᠨ᠎ᠡ ᠲᠦᠯᠦᠭᠡᠯᠡᠵᠦ ᠪᠣᠯᠬᠤ ᠶᠣᠮ᠃ ᠲᠡᠭᠦᠨ ᠦ ᠲᠣᠭᠤᠵᠢᠰ ᠪᠦᠲᠦᠭᠡᠯᠭᠡ ᠶᠢᠨ ᠦᠨᠳᠦᠷ ᠠᠮᠵᠢᠯᠲᠠ ᠶᠢ ᠲᠦᠯᠦᠭᠡᠯᠡᠳᠡᠭ ᠨᠢ《ᠬᠣᠷᠴᠢᠨ ᠨᠤᠲᠤᠭ ᠤᠨ ᠬᠠᠪᠤᠷ ᠨᠠᠮᠤᠷ》ᠭᠡᠳᠡᠭ ᠭᠤᠷᠪᠠᠨ ᠪᠣᠳᠢ ᠷᠤᠮᠠᠨ ᠤ ᠲᠡᠷᠢᠭᠦᠨ ᠪᠣᠳᠢ《ᠬᠠᠬᠢᠷ ᠡᠪᠦᠯ》ᠪᠣᠯᠬᠤ ᠶᠣᠮ᠃ |
原文 |
查看原文
|
出自 |
内蒙古民族大学学报(社会科学)
2009年
第4期
|