摘要 |
ᠮᠣᠩᠭᠤᠯ ᠦᠨᠳᠦᠰᠦᠲᠡᠨ ᠤ ᠨᠡᠷᠡᠲᠦ ᠤᠷᠠᠨ ᠵᠣᠬᠢᠶᠠᠯ ᠤᠨ ᠤᠨᠤᠯᠴᠢ ᠬᠠᠰᠪᠤᠤ《ᠤᠯᠠᠭᠠᠨ ᠠᠰᠠᠷ ᠤᠨ ᠵᠡᠭᠦᠳᠦᠨ》 ᠢ ᠣᠷᠴᠢᠭᠤᠯᠵᠤ ᠴᠣᠬᠤᠯᠠᠪᠤᠷᠢᠯᠠᠬᠤ ᠶᠠᠪᠤᠴᠠ ᠳ᠋ᠠᠭᠠᠨ ᠬᠤᠷᠴᠠ ᠬᠢᠷᠠᠬᠠᠢ ᠤᠷᠠᠯᠢᠭ ᠤᠨ ᠬᠠᠷᠠᠭ᠎ᠠ ᠪᠡᠷ ᠬᠦᠷᠦᠭᠰᠡᠨ ᠭᠠᠵᠠᠷ ᠪᠦᠬᠦᠨ ᠢ ᠪᠠᠨ ᠰᠢᠬᠦᠨ ᠲᠣᠯᠢᠳᠠᠵᠤ᠂ ᠡᠨᠡᠬᠦ ᠠᠪᠤᠷᠭᠤ ᠪᠦᠲᠦᠭᠡᠯ ᠳ᠋ᠤ ᠤᠷᠠᠯᠢᠭ ᠤᠨ ᠮᠠᠭᠠᠳᠯᠠᠯ ᠬᠢᠭᠰᠡᠨ ᠪᠠᠢᠨ᠃ ᠲᠡᠭᠡᠬᠦ ᠳᠡᠭᠡᠨ《ᠤᠷᠠᠨ》᠂《ᠨᠠᠷᠢᠨ》᠂《ᠭᠠᠢᠬᠠᠯᠲᠠᠢ》᠂《ᠭᠠᠢᠬᠠᠮᠰᠢᠭ》ᠭᠡᠵᠦ ᠤᠯᠠᠨᠲᠠ ᠱᠠᠭᠰᠢᠨ ᠪᠢᠰᠢᠷᠡᠵᠦ ᠪᠠᠢᠭᠰᠠᠨ ᠪᠣᠯᠪᠠᠴᠦ 《ᠤᠷᠠᠨ》 ᠭᠡᠬᠦ ᠨᠢ ᠲᠡᠭᠦᠨ ᠤᠦᠵᠡᠯᠲᠡ ᠶᠢᠨ ᠬᠢᠨᠢ ᠭᠤᠤᠯ ᠴᠢᠮᠦᠭᠡ ᠨᠢ ᠪᠣᠯᠤᠨ᠎ᠠ᠃ᠡᠨᠡᠬᠦ《ᠤᠷᠠᠨ》 ᠢ ᠨᠢ ᠦᠭᠡ ᠦᠰᠦᠭ ᠤᠨ 《ᠤᠷᠠᠨ 》 ᠪᠠ ᠵᠣᠬᠢᠶᠠᠮᠵᠢ ᠪᠠᠢᠷᠢᠯᠠᠭᠤᠯᠤᠯᠲᠠ ᠶᠢᠨ 《ᠤᠷᠠᠨ》 ᠭᠡᠵᠦ ᠬᠤᠶᠠᠷ ᠲᠠᠯ ᠠ ᠪᠡᠷ ᠰᠢᠨᠵᠢᠵᠦ ᠪᠣᠯᠤᠨ ᠠ᠃ |