题名 |
ᠬᠠᠰᠪᠤ ᠶᠢᠨ ᠤᠳᠬ᠎ᠠ ᠵᠤᠬᠢᠶᠠᠯ ᠤᠨ ᠤᠨᠤᠯ ᠦᠭᠦᠯᠡᠬᠦᠢ ᠶᠢᠨ ᠦᠵᠡᠯᠳᠡ ᠪᠡᠷ 《ᠲᠤᠩᠭᠠᠯᠠᠭ ᠲᠠᠮᠢᠷ 》 ᠢ ᠵᠠᠳᠠᠯᠬᠤ ᠨᠢ |
作者 |
ᠨᠠᠷᠠᠰᠤ; ᠮ · ᠦᠨᠢᠠᠤᠯᠠᠭᠠᠨ |
关键词 |
ᠬᠠᠰᠪᠤ; ᠤᠨᠤᠯ ᠦᠭᠦᠯᠡᠬᠦᠢ; 《ᠲᠤᠩᠭᠠᠯᠠᠭ ᠲᠠᠮᠢᠷ》 |
摘要 |
ᠤᠷᠠᠨ ᠵᠤᠬᠢᠶᠠᠯ ᠤᠨ ᠵᠤᠬᠢᠶᠠᠯ ᠲᠤᠭᠤᠷᠪᠢᠯ ᠪᠠ ᠤᠨᠤᠯ ᠰᠢᠭᠦᠮᠵᠢᠯᠡᠯ ᠬᠤᠶᠠᠷ ᠪᠤᠯ ᠤᠷᠠᠨ ᠵᠤᠬᠢᠶᠠᠯ ᠤᠨ ᠬᠦᠭᠵᠢᠯ ᠤᠨ ᠬᠤᠤᠰ ᠬᠦᠷᠳᠦ ᠶᠤᠮ᠃ ᠶᠠᠮᠠᠷ ᠨᠢᠭᠡᠨ ᠤᠯᠤᠰ ᠦᠨᠳᠦᠰᠦᠳᠡᠨ ᠤ ᠤᠷᠠᠨ ᠵᠤᠬᠢᠶᠠᠯ ᠤᠨ ᠲᠤᠭᠤᠷᠪᠢᠯ ᠤᠨ ᠬᠦᠭᠵᠢᠬᠦ ᠶᠢᠨ ᠲᠠᠭᠠᠤ ᠲᠡᠭᠦᠨ ᠤ ᠤᠨᠤᠯ ᠰᠢᠭᠦᠮᠵᠢᠯᠡᠯ ᠪᠠᠰᠠ ᠬᠦᠭᠵᠢᠵᠦ᠂ ᠤᠨᠤᠯ ᠰᠢᠭᠦᠮᠵᠢᠯᠡᠯ ᠤᠨ ᠦᠷᠨᠢᠯ ᠬᠦᠭᠵᠢᠯ ᠤᠨ ᠲᠠᠭᠠᠤ ᠲᠡᠭᠦᠨ ᠤ ᠤᠨᠤᠯ ᠰᠢᠭᠦᠮᠵᠢᠯᠡᠯ ᠪᠠᠰᠠ ᠬᠦᠭᠵᠢᠵᠦ᠂ ᠤᠨᠤᠯ ᠰᠢᠭᠦᠮᠵᠢᠯᠡᠯ ᠤᠨ ᠦᠷᠨᠢᠯ ᠬᠦᠭᠵᠢᠯ ᠴᠡᠴᠡᠭᠯᠡᠯ ᠨᠢ ᠲᠠᠬᠢᠭᠠᠳ ᠯᠡ ᠵᠤᠬᠢᠶᠠᠯ ᠲᠤᠭᠤᠷᠪᠢᠯ ᠳᠤ ᠭᠡᠳᠡᠷᠬᠦ ᠦᠢᠯᠡᠳᠦᠯ ᠦᠵᠡᠭᠦᠯᠳᠡᠭ᠃ ᠤᠷᠠᠨ ᠵᠤᠬᠢᠶᠠᠯ ᠤᠨ ᠪᠠᠳᠤ ᠪᠡᠬᠢ ᠰᠠᠭᠤᠷᠢ ᠪᠠ ᠰᠢᠮᠡᠳᠦ ᠬᠦᠷᠦᠰᠦ ᠪᠠᠢ᠌ᠬᠤ ᠦᠭᠢᠡ ᠪᠤᠯ ᠤᠷᠠᠨ ᠵᠤᠬᠢᠶᠠᠯ ᠤᠨ ᠤᠨᠤᠯ ᠰᠤᠶᠤᠭᠠᠯᠠᠨ ᠭᠠᠷᠴᠤ ᠴᠢᠳᠠᠬᠤ ᠦᠭᠡᠢ ᠶᠤᠮ᠃ ᠤᠷᠠᠨ ᠵᠤᠬᠢᠶᠠᠯ ᠤᠨ ᠤᠨᠤᠯ ᠰᠢᠭᠦᠮᠵᠢᠡᠯᠯ ᠨᠢ ᠨᠢᠭᠡ ᠦᠨᠳᠦᠰᠦᠳᠡᠨ ᠤ ᠤᠷᠠᠨ ᠵᠤᠬᠢᠶᠠᠯ ᠤᠨ ᠬᠦᠭᠵᠢᠯᠳᠡ ᠳᠤ ᠮᠠᠰᠢ ᠴᠢᠬᠤᠯᠠ ᠨᠦᠯᠦᠭᠡ ᠦᠵᠡᠭᠦᠯᠳᠡᠭ ᠶᠤᠮ᠃ ᠮᠤᠩᠭᠤᠯ ᠶᠢᠡᠷ ᠪᠢᠴᠢᠭᠳᠡᠭᠰᠡᠨ ᠤᠷᠠᠨ ᠵᠤᠬᠢᠶᠠᠯ ᠤᠨ ᠤᠨᠤᠯ ᠰᠢᠭᠦᠮᠵᠢᠯᠡᠯ ᠤᠨ ᠪᠠᠷᠢᠮᠳᠠᠳᠤ ᠮᠠᠲ᠋ᠸᠷᠢᠶᠠᠯ ᠳᠤ 18 ᠡᠴᠡ 19 ᠳ᠋ᠤᠭᠡᠷ ᠵᠠᠭᠨᠤ ᠤ ᠦᠶ᠎ᠡ ᠳᠤ ᠠᠮᠢᠳᠤᠷᠠᠵᠤ ᠪᠠᠢᠭᠰᠠᠨ ᠷᠠᠰᠢᠫᠤᠩᠰᠤᠭ᠂ ᠠᠷᠨᠠ᠂ ᠬᠠᠰᠪᠤ᠂ ᠭᠦᠩᠨᠡᠴᠦᠭᠡ᠂ ᠢᠨᠵᠠᠨᠨᠠᠰᠢ ᠨᠠᠷ ᠪᠤᠯ ᠲᠦᠯᠦᠭᠡᠯᠡᠭᠴᠢ ᠴᠢᠠᠨᠷ ᠲᠠᠢ ᠶᠤᠮ᠃ ᠡᠳᠡᠭᠡᠷ ᠤᠨᠤᠯ ᠰᠢᠭᠦᠮᠵᠢᠯᠡᠭᠴᠢ ᠶᠢᠨ ᠲᠤᠮᠳᠠ ᠡᠴᠡ ᠲᠤᠰ ᠦᠭᠦᠯᠡᠯ ᠳᠤ ᠪᠠᠨ ᠭᠤᠤᠯᠳᠠᠭᠤ ᠬᠠᠰᠪᠤ ᠶᠢᠨ ᠤᠷᠠᠨ ᠵᠤᠬᠢᠶᠠᠯ ᠤᠨ ᠲᠤᠬᠠᠢ ᠤᠨᠤᠯ ᠦᠭᠦᠯᠡᠬᠦᠢ ᠶᠢᠨ ᠦᠵᠡᠯᠳᠡ ᠪᠡᠷ ᠮᠤᠩᠭᠤᠯ ᠤᠯᠤᠰ ᠤᠨ ᠠᠯᠳᠠᠷᠳᠤ ᠵᠤᠬᠢᠶᠠᠯᠴᠢ ᠴ · ᠯᠤᠳᠤᠢᠳᠠᠮᠪᠠ ᠶᠢᠨ 《ᠲᠤᠩᠭᠠᠯᠠᠭ ᠲᠠᠮᠢᠷ》 ᠭᠡᠬᠦ ᠠᠯᠳᠠᠷᠳᠤ ᠷᠤᠮᠠᠨ ᠤ ᠭᠤᠤᠯ ᠠᠭᠤᠯᠭ᠎ᠠ ᠳᠤ ᠲᠦᠭᠦᠮᠬᠡᠨ ᠵᠠᠳᠠᠯᠤᠯᠳᠠ ᠬᠢᠪᠡ᠃ |
原文 |
查看原文
|
出自 |
赤峰学院学报(蒙文哲学社会科学版)
2017年
第2期
|