摘要 |
ᠣᠨᠴᠠ ᠲᠤᠭᠲᠠᠭᠰᠠᠨ ᠪᠣᠳᠠᠭᠠᠯᠢ ᠴᠢᠨᠠᠷ ᠬᠢᠭᠡᠳ ᠰᠣᠶᠣᠯ ᠰᠣᠳᠬᠢᠯᠭᠡᠨ ᠤ ᠶᠠᠪᠤᠴᠠ ᠨᠢ ᠮᠣᠩᠭᠤᠯᠴᠤᠳ ᠤᠨ ᠰᠣᠶᠣᠯ ᠰᠡᠳᠭᠢᠯᠭᠡᠨ ᠢ ᠪᠦᠷᠢᠯᠳᠦᠭᠦᠯᠵᠡᠢ᠃ ᠰᠣᠶᠣᠯ ᠰᠡᠳᠬᠢᠯᠭᠡᠨ ᠪᠣᠯ ᠦᠨᠳᠦᠰᠦᠲᠡᠨ ᠤ ᠰᠣᠶᠣᠯ ᠤᠨ ᠭᠦᠨ ᠲᠠᠪᠬᠤᠷᠭ᠎ᠠ ᠶᠢᠨ ᠪᠦᠲᠦᠴᠡ ᠳ᠋ᠡᠬᠢ 《ᠰᠡᠳᠬᠢᠯᠭᠡᠨ ᠤ ᠲᠤᠨᠤᠳᠠᠰᠤ》 ᠶᠢᠨ ᠬᠡᠰᠡᠭ ᠪᠣᠯᠬᠤ ᠲᠤᠯᠠ ᠯᠣᠳᠤ ᠶᠡᠬᠡ ᠠᠮᠢᠵᠢᠷᠠᠯ ᠤᠨ ᠬᠦᠴᠦᠨ᠂ ᠡᠰᠡᠷᠭᠦᠴᠡᠯ ᠤᠨ ᠴᠢᠳᠠᠯ ᠶᠣᠮ᠃ ᠦᠵᠡᠯ ᠤᠬᠠᠮᠰᠠᠷ ᠤᠨ ᠬᠡᠯᠪᠡᠷᠢ ᠪᠣᠯᠤᠭᠰᠠᠨ ᠱᠠᠰᠢᠨ ᠰᠢᠲᠦᠯᠭᠡ ᠳ᠋ᠤ ᠮᠣᠩᠭᠤᠯᠴᠤᠳ ᠤᠨ ᠰᠣᠶᠣᠯ ᠰᠡᠳᠭᠢᠯᠭᠡᠨ ᠬᠠᠳᠠᠭᠠᠯᠠᠭᠳᠠᠵᠤ ᠪᠠᠢᠬᠤ ᠪᠦᠭᠡᠳ ᠲᠡᠳᠡᠭᠡᠷ ᠤᠨ ᠭᠤᠤᠯ ᠨᠢ ᠡᠷᠯᠭᠡᠭ ᠪᠠᠭᠠᠲᠤᠷᠯᠢᠭ—ᠭᠡᠨ᠎ᠡ ᠴᠦᠯᠢᠰ᠂ᠬᠦᠳᠡᠯᠦᠩᠭᠦᠢ ᠨᠡᠭᠡᠭᠡᠯᠳᠡᠯᠢᠭ—ᠬᠦᠯᠢᠴᠡᠯ ᠲᠡᠪᠵᠢᠶᠡᠷᠢ— ᠬᠦᠰᠢᠭᠦᠨ ᠬᠣᠢᠷᠭᠤ— ᠪᠣᠳᠠᠳᠠᠢ ᠵᠢ ᠡᠷᠬᠢᠮᠯᠡᠬᠦ— ᠭᠡᠢ ᠬᠦᠰᠡᠯᠡᠩ ᠤᠨ ᠲᠤᠮᠳᠠ ᠠᠮᠢᠳᠤᠷᠠᠬᠤ᠂ ᠠᠯᠤᠰ ᠦᠨᠳᠦᠷ ᠢ ᠡᠷᠢᠯᠬᠢᠯᠡᠬᠦ ᠵᠡᠷᠭᠡ ᠪᠣᠯᠤᠨ᠎ᠠ᠃ ᠡᠨᠡ ᠨᠢ ᠮᠣᠩᠭᠤᠯ ᠰᠣᠶᠣᠯ ᠤᠨ ᠵᠠᠭᠪᠤᠷ ᠢ ᠨᠢᠭᠡ ᠬᠡᠮᠵᠢᠶ ᠡ ᠪᠡᠷ ᠢᠯᠡᠷᠬᠡᠢᠢᠯᠡᠵᠦ ᠪᠣᠢ᠃ |