摘要 |
ᠲᠤᠰ ᠦᠭᠦᠯᠡᠯ ᠳ᠋ᠤ 《ᠬᠠᠮᠲᠤ ᠤᠷᠤᠰᠢᠬᠤᠢ》ᠭᠡᠳᠡᠭ ᠦᠭᠡ ᠶᠢᠨ ᠢᠷᠡᠯᠲᠡ᠂ ᠤᠳᠬ ᠠ ᠵᠢ ᠲᠤᠳᠤᠷᠬᠠᠢᠯᠠᠵᠤ᠂ ᠪᠤᠷᠬᠠᠨ ᠱᠠᠰᠢᠨ ᠤ ᠦᠵᠡᠯ ᠰᠨᠨᠠᠭᠠᠨ ᠳ᠋ᠡᠬᠢ ᠲᠡᠬᠦᠨ ᠲᠠᠢ ᠤᠢᠷᠠᠯᠴᠠᠭ᠎ᠠ ᠤᠳᠬ ᠠ ᠲᠠᠢ《ᠪᠢ ᠦᠭᠡᠢ》 ᠦᠵᠡᠯ ᠤᠨ ᠲᠣᠬᠠᠢ ᠲᠤᠢᠮᠤᠴᠢᠯᠠᠨ ᠦᠭᠦᠯᠡᠪᠡ᠃ ᠪᠣᠷᠬᠠᠨ ᠱᠠᠰᠢᠨ ᠳᠤ《ᠪᠢ》ᠵᠢ ᠦᠨᠢᠲᠠ᠂ ᠨᠢᠭᠡ᠂ ᠡᠵᠡᠨ᠂ ᠨᠤᠶᠠᠨ ᠭᠡᠵᠦ ᠲᠠᠢᠯᠪᠤᠷᠢᠯᠠᠵᠤ᠂ᠲᠡᠬᠦᠨ ᠢ ᠦᠭᠡᠢᠰᠭᠡᠬᠦ ᠪᠡᠷ ᠭᠤᠤᠯ ᠪᠣᠯᠭᠠᠨ᠎ᠠ᠃ ᠦᠪᠡᠷ ᠤᠨ ᠪᠡᠶ ᠡ ᠪᠣᠯᠤᠨ ᠪᠣᠳᠠᠰ ᠲᠤ ᠪᠠᠷᠢᠭᠳᠠᠬᠤ ᠦᠭᠡᠢ᠂ ᠨᠢᠭᠡᠨ ᠴᠢᠯᠦᠭᠡᠳᠦ ᠭᠤᠤᠯ ᠪᠡᠶᠡᠲᠦ ᠤᠷᠤᠰᠢᠵᠤ᠂ ᠲᠡᠭᠦᠨ ᠢᠢᠡᠷ ᠲᠠᠮᠵᠢᠨ ᠦᠪᠡᠷ ᠤᠨ ᠪᠣᠯᠤᠨ ᠪᠣᠰᠤᠳ ᠤᠨ ᠤᠨᠳᠤᠤ ᠪᠣᠰᠤ ᠭᠡᠰᠡᠨ ᠦᠨᠡᠨ ᠶᠣᠰᠤ ᠵᠢ ᠤᠬᠠᠨ ᠮᠡᠳᠡᠵᠦ᠂ ᠪᠣᠰᠤᠳ ᠤᠨ ᠡᠷᠭᠡ ᠴᠢᠯᠦᠭᠡ ᠶᠢᠨ ᠲᠦᠯᠦᠭᠡ ᠦᠢᠯᠡᠴᠢᠯᠡᠬᠦ ᠬᠡᠷᠡᠭᠲᠡᠢ ᠭᠡᠰᠡᠨ ᠭᠦᠨ ᠤᠳᠬ ᠠ ᠪᠤᠢ ᠪᠣᠯᠤᠨ᠎ᠠ᠃ ᠲᠡᠭᠡᠪᠡᠯ ᠰᠠᠶᠢ ᠨᠢᠭᠡᠨ ᠡᠶ ᠠ ᠨᠠᠢᠷᠠᠮᠳᠠᠭᠤ ᠡᠷᠬᠡ ᠲᠡᠭᠰᠢ ᠨᠡᠢᠭᠡᠮ ᠢ ᠪᠠᠢᠭᠤᠯᠵᠤ ᠴᠢᠳᠠᠨ᠎ᠠ᠃ |