论文信息


题名 ᠳᠤᠮᠳᠠᠳᠤ ᠢᠷᠭᠡᠨ ᠤᠯᠤᠰ ᠤᠨ ᠦᠶ᠎ᠡ ᠡᠴᠡ ᠶᠠᠫᠤᠨ ᠢ ᠡᠰᠡᠷᠭᠦᠴᠡᠬᠦ ᠳᠠᠢᠨ ᠡᠭᠦᠰᠬᠦ ᠬᠦᠷᠲᠡᠯᠡᠬᠢ ᠬᠤᠭᠤᠴᠠᠭᠠᠨ ᠤ ᠮᠣᠩᠭᠤᠯ ᠬᠤᠭᠤᠴᠠᠭᠠᠲᠤ ᠰᠡᠳᠭᠦᠯ ᠦᠨ ᠲᠡᠦᠬᠡᠨ ᠲᠤᠢᠮᠤ
作者 ᠮᠦᠩᠬᠡᠪᠤᠶᠠᠨ; ᠨᠠᠷᠠᠨᠴᠡᠴᠡᠭ᠌
关键词 ᠮᠣᠩᠭᠤᠯ ᠬᠤᠭᠤᠴᠠᠭᠠᠲᠤ ᠰᠡᠳᠭᠦᠯ ᠦᠨ ᠬᠦᠪᠦᠷᠡᠯ ᠪᠡ ᠬᠦᠭᠵᠢᠯ; ᠣᠨᠴᠠᠯᠢᠭ; ᠦᠢᠯᠡᠳᠦᠯ
摘要 ᠢᠷᠭᠡᠨ ᠤᠯᠤᠰ ᠤᠨ ᠡᠬᠢᠨ ᠦ ᠦᠶ᠎ᠡ ᠡᠴᠡ ᠶᠠᠫᠤᠨ ᠢ ᠡᠰᠡᠷᠭᠦᠴᠡᠬᠦ ᠳᠠᠢᠨ ᠡᠭᠦᠰᠬᠦ ᠬᠦᠷᠲᠡᠯᠡᠬᠢ ᠬᠤᠭᠤᠴᠠᠭᠠᠨ ᠳᠤ᠂ ᠨᠡᠢᠭᠡᠮ ᠦᠨ ᠬᠤᠪᠢᠰᠤᠯᠲᠠ᠂ ᠦᠷᠦᠨᠡᠳᠠᠬᠢᠨ ᠤ ᠰᠤᠶᠤᠯ ᠪᠤᠯᠤᠨ ᠤᠯᠤᠰ ᠤᠨ ᠳᠤᠲᠤᠭᠠᠳᠤ ᠶᠢᠨ ᠰᠢᠨ᠎ᠡ ᠰᠤᠶᠤᠯ ᠤᠨ ᠦᠵᠡᠭᠳᠡᠯ ᠦᠨ ᠰᠡᠳᠡᠯᠲᠡ ᠪᠤᠯᠤᠨ ᠨᠦᠯᠦᠭᠡ ᠳᠤᠤᠷ᠎ᠠ᠂ ᠮᠣᠩᠭᠤᠯ ᠬᠤᠭᠤᠴᠠᠭᠠᠲᠤ ᠰᠡᠳᠭᠦᠯ ᠡᠷᠬᠢᠯᠡᠬᠦ ᠲ᠋ᠠᠯ᠎᠎ᠠ ᠪᠠᠷ ᠬᠦᠪᠦᠷᠡᠭᠰᠡᠨ ᠪᠡ ᠬᠦᠭᠵᠢᠭᠰᠡᠨ ᠵᠡᠷᠭᠡ ᠠᠳᠠᠯᠢ ᠪᠤᠰᠤ ᠬᠤᠪᠢᠷᠠᠯᠲᠠ ᠶᠢᠨ ᠴᠠᠭ ᠬᠤᠭᠤᠴᠠᠭ᠎ᠠ ᠶᠢ ᠦᠩᠭᠡᠷᠡᠭᠡᠵᠡᠢ᠃ ᠲᠤᠬᠠᠢ ᠶᠢᠨ ᠦᠶ᠎ᠡ ᠶᠢᠨ ᠮᠣᠩᠭᠤᠯ ᠬᠤᠭᠤᠴᠠᠭᠠᠲᠤ ᠰᠡᠳᠭᠦᠯ (ᠬᠠᠪᠰᠤᠷᠠᠭᠠᠭᠰᠠᠨ ᠰᠡᠳᠭᠦᠯ ᠢ ᠪᠠᠭᠲᠠᠨ᠎ᠠ) ᠤᠨ ᠠᠭᠤᠯᠭ᠎ᠠ ᠣᠨᠴᠠᠯᠢᠭ ᠤᠨ ᠬᠤᠪᠢ ᠳᠤ ᠦᠨᠳᠦᠰᠦᠳᠡᠨᠴᠢ ᠴᠢᠨᠠᠷ᠂ ᠣᠷᠤᠨ ᠨᠤᠲᠤᠭᠴᠢ ᠴᠢᠨᠠᠷ ᠪᠤᠯᠤᠨ ᠴᠠᠭ ᠦᠶᠡᠴᠢ ᠴᠢᠨᠠᠷ ᠲᠠᠢ᠃ ᠮᠣᠩᠭᠤᠯ ᠬᠤᠭᠤᠴᠠᠭᠠᠲᠤ ᠰᠡᠳᠭᠦᠯ ᠦᠨ ᠦᠢᠯᠡᠳᠦᠯ ᠦᠨ ᠬᠤᠪᠢ ᠳᠤ᠂ ᠮᠣᠩᠭᠤᠯ ᠦᠨᠳᠦᠰᠦᠲᠡᠨ ᠦ ᠠᠷᠠᠳ ᠲᠦᠮᠡᠨ ᠦ ᠲᠤᠰ ᠦᠨᠳᠦᠰᠦᠲᠡᠨ ᠦ ᠪᠡᠨ ᠤᠯᠠᠮᠵᠢᠯᠠᠯᠲᠤ ᠰᠤᠶᠤᠯ ᠪᠤᠯᠤᠨ ᠣᠢᠷ᠎ᠠ ᠦᠶ᠎ᠡ ᠶᠢᠨ ᠡᠯ ᠡ ᠲᠦᠷᠦᠯ ᠦᠨ ᠮᠡᠳᠡᠯᠭᠡ ᠶᠢᠨ ᠲᠤᠬᠠᠢ ᠲᠠᠨᠢᠯᠲᠠ ᠪᠠᠨ ᠳᠡᠭᠡᠭᠰᠢᠯᠡᠭᠦᠯᠬᠦ ᠬᠡᠷᠡᠭᠴᠡᠭᠡ ᠶᠢ ᠬᠠᠩᠭᠠᠵᠤ᠂ ᠬᠠᠷᠠᠴᠠ ᠪᠠᠨ ᠦᠷᠭᠡᠳᠭᠡᠵᠦ᠂ ᠲᠤᠬᠠᠢ ᠶᠢᠨ ᠦᠶ᠎ᠡ ᠪᠤᠯᠤᠨ ᠢᠷᠡᠭᠡᠳᠦᠢ ᠶᠢᠨ ᠮᠣᠩᠭᠤᠯ ᠬᠤᠭᠤᠴᠠᠭᠠᠲᠤ ᠰᠡᠳᠭᠦᠯ ᠦᠨ ᠦᠢᠯᠡᠰ ᠦᠨ ᠬᠦᠭᠵᠢᠯᠲᠡ ᠳᠦ ᠰᠠᠭᠤᠷᠢ ᠲᠠᠯᠪᠢᠵᠠᠢ᠃
原文 没有原文
出自 蒙古学研究 2015年 第4期

联系我们


内蒙古大学图书馆
呼和浩特市大学西路235号
中国·内蒙古
P: (0471) 4992561
E: huangfeilong@imu.edu.cn