摘要 |
《ᠮᠣᠩᠭᠣᠯ ᠭᠦᠨ ᠤᠬᠠᠭᠠᠨ ᠦ ᠬᠤᠷᠦ ᠠ ᠰᠤᠳᠤᠯᠤᠯ》ᠬᠡᠭᠦ ᠨᠤᠮ ᠪᠤᠯ ᠮᠣᠩᠣᠺ ᠭᠦᠨ ᠤᠬᠠᠭᠠᠨ ᠦ ᠲᠡᠦᠬᠡ ᠶᠢᠨ ᠬᠤᠷᠢᠶᠠᠩᠭᠤᠢ ᠴᠢᠨᠠᠷ ᠲᠠᠢ ᠡᠷᠳᠡᠮ ᠰᠢᠨᠵᠢᠯᠡᠭᠡᠨ ᠦ ᠲᠤᠷᠪᠢᠲᠠᠢ ᠪᠦᠳᠦᠭᠡᠯ ᠮᠦᠨ᠃ ᠳᠤᠰ ᠰᠢᠭᠦᠮᠵᠢ ᠳᠤ ᠵᠤᠬᠢᠶᠠᠭᠴᠢ ᠡᠴᠡ ᠶᠠᠭᠤᠨ ᠦ ᠡᠮᠦᠨ᠎ᠡ ᠳᠤᠰ ᠨᠤᠮ ᠤᠨ ᠠᠭᠤᠯᠭ᠎ᠠ ᠶᠢ ᠶᠡᠷᠦᠩᠭᠡᠢ ᠳᠤ ᠨᠢ ᠳᠠᠨᠢᠯᠴᠠᠭᠤᠯᠵᠤ᠂ ᠲᠠᠷᠠᠭ᠎ᠠ ᠳᠤ ᠨᠢ ᠤᠨᠤᠯ ᠪᠠ ᠦᠢᠯᠡᠳᠦᠯᠭᠡ ᠶᠢᠨ ᠲᠠᠯ ᠠ ᠡᠴᠡ 1.ᠮᠣᠩᠭᠣᠯ ᠭᠦᠨ ᠤᠬᠠᠭ᠎ᠠ ᠦ ᠳᠡᠦᠬᠡ ᠶᠢᠨ ᠬᠠᠷᠢᠴᠠᠭᠠᠨ ᠦ ᠠᠰᠠᠭᠤᠳᠠᠯ᠂ 2.ᠮᠣᠩᠭᠣᠯ ᠭᠦᠨ ᠤᠬᠠᠭᠠᠨ ᠵᠢᠴᠢ ᠭᠦᠨ ᠤᠬᠠᠭᠠᠨᠳᠠᠨ ᠦ ᠲᠤᠬᠠᠢ ᠂3.ᠮᠣᠩᠭᠣᠯ ᠭᠦᠨ ᠤᠬᠠᠭᠠᠨ ᠦ ᠰᠤᠳᠤᠯᠭᠠᠨ ᠦ ᠶᠠᠪᠤᠴᠠ ᠳᠤ ᠲᠤᠬᠢᠶᠠᠯᠳᠤᠭᠰᠠᠨ ᠪᠤᠳᠠᠲᠠᠢ ᠠᠰᠠᠭᠤᠳᠠᠯ ᠪᠠ ᠡᠷᠳᠡᠮ ᠰᠢᠨᠵᠢᠯᠡᠭᠡᠨ ᠦ ᠮᠠᠷᠭᠤᠯᠳᠤᠭᠠᠨ ᠳᠤ ᠲᠤᠷᠠᠳᠤᠭᠰᠠᠨ ᠬᠤᠪᠢ ᠶᠢᠨ ᠦᠵᠡᠯᠳᠡ ᠭᠡᠬᠦ ᠭᠤᠷᠪᠠᠨ ᠲᠠᠯ ᠠ ᠪᠠᠷ ᠳᠤᠰ ᠨᠤᠮ ᠤᠨ ᠠᠭᠤᠯᠭ᠎ᠠ ᠶᠢ ᠵᠠᠳᠠᠯᠤᠨ ᠦᠭᠦᠯᠡᠭᠰᠡᠨ ᠪᠠᠢ᠌ᠨ᠎ᠠ᠃ |