题名 |
ᠠᠵᠢᠭᠯᠠᠯᠲᠠ᠂ᠲᠤᠷᠰᠢᠯᠲᠡ ᠡᠴᠡ ᠲᠡᠮᠳᠡᠭᠯᠡᠭᠴᠢ—ᠽᠤᠯᠠ ᠶᠢᠨ ᠪᠠᠢᠭᠠᠯᠠᠢ ᠶᠢᠨ ᠦᠵᠡᠯ ᠢ ᠰᠦᠪᠡᠭᠴᠢᠯᠡᠬᠦ ᠨᠢ |
作者 |
ᠬᠦᠬᠡᠠᠭᠤᠯᠠ |
关键词 |
ᠽᠤᠯᠠ ᠪᠠᠢᠭᠠᠯᠢ; ᠦᠵᠡᠯ ᠦᠨᠡᠨ; 《ᠦᠨᠡᠨ ᠰᠡᠷᠡᠭᠳᠡᠯ》 |
摘要 |
ᠤᠯᠠᠨ ᠵᠢᠯ ᠤᠨ ᠲᠤᠷᠰᠢ ᠬᠦᠮᠦᠰ ᠽᠤᠯᠠ ᠶᠢᠨ ᠪᠠᠢᠭᠠᠯᠢ ᠦᠵᠡᠯ ᠤᠨ ᠤᠨᠤᠯ ᠪᠠ ᠦᠢᠯᠡᠳᠦᠯᠭᠡ ᠳ᠋ᠤ ᠲᠠᠰᠢᠶ ᠠ ᠤᠢᠯᠠᠭᠠᠯᠲᠠ ᠲᠠᠢ ᠪᠠᠢᠭᠰᠠᠨ ᠪᠣᠯᠬᠤᠷ ᠲᠡᠭᠦᠨ ᠤ ᠬᠤᠷᠢᠳᠤᠭᠠᠷ ᠵᠠᠭᠤᠨ ᠤ ᠤᠳᠬ ᠠ ᠵᠣᠬᠢᠶᠠᠯ ᠳ᠋ᠤ ᠦᠵᠡᠭᠦᠯᠦᠭᠰᠡᠨ ᠠᠰᠤᠷᠤ ᠶᠡᠬᠡ ᠨᠦᠯᠦᠭᠡ ᠵᠢ ᠤᠮᠳᠠᠭᠠᠢᠯᠠᠬᠤ ᠳ᠋ᠤ ᠬᠦᠷᠴᠡᠢ᠃ ᠦᠭᠦᠯᠡᠯ ᠳ᠋ᠤ ᠽᠤᠯᠠ ᠶᠢᠨ ᠪᠠᠢᠭᠠᠯᠢ ᠦᠵᠡᠯ ᠤᠨ ᠦᠨᠳᠦᠰᠦᠨ ᠠᠭᠤᠯᠭ᠎ᠠ ᠪᠣᠯᠬᠤ《ᠠᠵᠢᠭᠯᠠᠯᠲᠠ᠂ᠲᠤᠷᠰᠢᠯᠲᠠ᠂ ᠲᠡᠮᠳᠡᠭᠯᠡᠭᠴᠢ》 ᠶᠢᠨ ᠠᠭᠤᠯᠤᠭᠳᠠᠬᠤᠨ ᠳ᠋ᠤ ᠰᠢᠨ᠎ᠡ ᠲᠠᠢᠯᠪᠤᠷᠢ ᠬᠢᠵᠦ᠂ ᠡᠨᠡ ᠪᠣᠯ ᠰᠡᠷᠡᠯ ᠤᠨ ᠴᠢᠨᠠᠷ ᠲᠠᠢ ᠦᠨᠡᠡ ᠢ ᠡᠵᠡᠮᠰᠢᠬᠦ ᠡᠴᠡ ᠭᠠᠷᠲᠠᠨ ᠲᠡᠭᠦᠨ ᠡᠴᠡ ᠤᠯᠤᠭᠰᠠᠨ 《ᠦᠨᠡᠨ ᠰᠡᠷᠡᠭᠳᠡᠯ》 ᠢᠢᠡᠨ ᠰᠢᠯᠭᠠᠨ ᠨᠤᠲᠠᠯᠠᠬᠤ ᠪᠡᠷ ᠲᠠᠮᠵᠢᠵᠤ《ᠦᠪᠡᠷᠮᠢᠴᠡ ᠴᠢᠨᠠᠷ ᠤᠨ ᠪᠣᠰᠤ ᠬᠦᠦᠷᠨᠢᠯ》ᠭᠡᠬᠦ ᠶᠠᠪᠤᠳᠠᠯ ᠮᠦᠨ ᠭᠡᠳᠡᠭ ᠢ ᠲᠤᠳᠤᠷᠬᠠᠢᠯᠠᠨ ᠵᠢᠭᠠᠵᠤ ᠭᠠᠷᠭᠠᠵᠠᠢ᠃ ᠽᠤᠯᠠ ᠵᠣᠬᠢᠶᠠᠨ ᠪᠦᠲᠦᠭᠡᠬᠦ ᠦᠢᠯᠡᠳᠦᠯᠭᠡ ᠶᠢᠨ ᠲᠠᠯ ᠠ ᠪᠡᠷ ᠤᠷᠠᠯᠢᠭ ᠤᠨ ᠲᠡᠮᠲᠡᠷᠢᠭᠦᠯ ᠢᠢᠡᠨ ᠦᠪᠡᠷᠮᠢᠴᠡ ᠣᠨᠴᠠᠭᠠᠢ《ᠬᠦᠮᠦᠨ》 ᠤ ᠤᠶᠤᠨ ᠰᠦᠨᠡᠰᠦᠨ ᠤ ᠬᠦᠨ ᠬᠦᠪ ᠲᠤ ᠰᠤᠩᠭᠠᠵᠤ《ᠮᠠᠭᠤᠬᠠᠢ ᠰᠤᠨᠢᠷᠬᠠᠯ》 ᠤᠨ ᠵᠠᠮ ᠢ ᠨᠡᠭᠡᠭᠡᠭᠰᠡᠨ ᠪᠦᠭᠡᠳ ᠤᠨᠤᠯ ᠤᠨ ᠬᠤᠪᠢ ᠳ᠋ᠤ ᠤᠷᠠᠯᠢᠭ ᠤᠨ ᠦᠨᠡᠨ ᠤ ᠰᠢᠨ᠎ᠠ ᠲᠠᠢᠯᠪᠤᠷᠢ ᠦᠭᠴᠦ᠂ ᠬᠤᠷᠢᠳᠤᠭᠠᠷ ᠵᠠᠭᠤᠨ ᠤ ᠰᠢᠨᠵᠢᠯᠡᠬᠦ ᠤᠬᠠᠭᠠᠨᠴᠢ ᠤᠳᠬ ᠠ ᠵᠣᠬᠢᠶᠠᠯ ᠤᠨ ᠤᠨᠤᠯ ᠤᠨ ᠪᠦᠷᠢᠯᠳᠦᠯ ᠤᠨ ᠰᠠᠭᠤᠷᠢ ᠵᠢ ᠲᠠᠯᠪᠢᠵᠠᠢ᠃ ᠨᠡᠨ ᠪᠣᠯ ᠲᠠᠷᠤᠢ ᠽᠤᠯᠠ ᠶᠢᠨ ᠲᠡᠦᠬᠡᠨ ᠠᠴᠢ ᠬᠣᠯᠪᠤᠭᠳᠠᠯ ᠪᠦᠭᠡᠳ ᠣᠳᠣ ᠦᠶ ᠡ ᠶᠢᠨ ᠰᠡᠩᠭᠡᠷᠡᠭᠦᠯᠦᠯ ᠮᠦᠨ ᠭᠡᠵᠦ ᠲᠤᠰ ᠦᠭᠦᠯᠡᠯ ᠦᠵᠡᠵᠡᠢ᠃ |
原文 |
查看原文
|
出自 |
内蒙古师范大学学报
2012年
第3期
|