题名 |
HPLC᠋ ᠶᠢᠨ ᠨᠠᠷᠭᠠ ᠪᠠᠷ ᠮᠣᠩ᠋ᠭᠤᠯ ᠡᠮ ᠬᠦᠬᠡ ᠭᠠᠷᠤᠳᠢ —9᠋ ᠳᠦ ᠬᠢ ᠪᠤᠩ ᠠ ᠶᠢᠨ ᠱᠦᠯᠲᠦ ᠶᠨ ᠠᠭᠤᠯᠤᠭᠳᠠᠴᠠ ᠶᠢ ᠬᠡᠮᠵᠢᠭᠰᠡᠨ ᠨᠢ |
作者 |
ᠪᠠᠢ ᠢᠦᠢ ᠰᠢᠶᠠ; ᡁᠢ ᠾᠦᠢ; ᠢᠦᠢ ᠬᠤᠸᠠ |
关键词 |
ᠬᠦᠬᠡ ᠭᠠᠷᠤᠳᠢ -9; HPLC᠋ ᠶᠢᠨ ᠠᠷᠭ᠎ᠠ; ᠪᠤᠩ ᠠ ᠵᠢᠨ ᠱᠦᠯᠲᠦ |
摘要 |
ᠵᠤᠷᠢᠯᠭ᠎ᠠ᠄ ᠮᠣᠩ᠋ᠭᠤᠯ ᠡᠮ ᠨᠠᠢ᠌ᠷᠠᠯᠭ᠎ᠠ ᠬᠦᠬᠡ ᠭᠠᠷᠤᠳᠢ -9᠋ ᠳᠦ ᠬᠢ ᠠᠰᠢᠭᠲᠤ ᠪᠦᠷᠢᠯᠳᠦᠭᠦᠨ ᠪᠦᠭᠡᠳ ᠬᠤᠤᠷᠲᠤ ᠪᠦᠷᠢᠯᠳᠦᠭᠦᠨ ᠪᠤᠯᠬᠤ ᠪᠤᠩ ᠠ ᠵᠢᠨ ᠱᠦᠯᠲᠦ ᠶᠢᠨ ᠠᠭᠤᠯᠤᠭᠳᠠᠴᠠ ᠶᠢ ᠬᠡᠮᠵᠢᠨ ᠣᠯᠵᠤ᠂ ᠲᠤᠰ ᠨᠠᠢ᠌ᠷᠠᠯᠭ᠎ᠠ ᠶᠢᠨ ᠴᠢᠨᠠᠷ ᠴᠢᠨᠰᠠᠭ᠎ᠠ ᠶᠢᠨ ᠪᠠᠷᠢᠮᠵᠢᠶ᠎ᠠ ᠲᠤᠭᠲᠠᠭᠠᠬᠤ ᠪᠠ ᠡᠮᠴᠢᠯᠡᠭᠡᠨ ᠦ ᠦᠢᠯᠡᠳᠦᠯ ᠵᠢᠴᠢ ᠠᠮᠤᠷ ᠲᠦᠪᠰᠢᠨ ᠢ ᠪᠠᠲᠤᠯᠠᠬᠤ ᠳᠤ ᠲᠤᠷᠰᠢᠯᠲᠠ ᠶᠢᠨ ᠪᠠᠷᠢᠮᠲᠠ ᠬᠠᠩ᠋ᠭᠠᠬᠤ ᠶᠢ ᠵᠤᠷᠢᠪᠠ᠃ ᠠᠷᠭ᠎ᠠ᠄ ᠦᠨᠳᠦᠷ ᠦᠢᠯᠡᠳᠦᠯᠲᠦ ᠰᠢᠩᠭᠡᠨ ᠹᠠᠰᠲᠤ ᠦᠩᠭᠡ ᠶᠢᠨ ᠵᠢᠭ᠌ᠰᠠᠯ ᠤᠨ ᠠᠷᠭ᠎ᠠ (HPLC)᠂ ᠦᠩᠭᠡ ᠵᠢᠭ᠌ᠰᠠᠯ ᠤᠨ ᠨᠦᠬᠦᠴᠡᠯ ᠨᠢ᠄ Dimaonsil-C1→C18(250mm×4.6mm, 5μm ᠪᠠᠭᠠᠨ᠎ᠠ; ᠪᠠᠭᠠᠨ᠎ᠠ ᠶᠢᠨ ᠲᠤᠯᠭᠠᠴᠠ᠄ 30℃; ᠤᠷᠤᠰᠤᠮᠠᠯ ᠹᠠᠰ᠄ ᠡᠲ᠋ᠢᠯ ᠨᠢᠲ᠋ᠷᠢᠯ -2.5‰᠋ ᠶᠢᠨ ᠼᠤᠤ ᠬᠦᠴᠢᠯ ᠦᠨ ᠠᠮᠮᠤᠨᠢ ᠶᠢᠨ ᠨᠠᠮᠠᠳᠬᠠᠭᠴᠢ ᠠᠭᠤᠰᠤᠮᠠᠯ (2.5‰᠋ ᠶᠢᠨ ᠼᠤᠤ ᠬᠦᠴᠢᠯ ᠢ ᠦᠳᠭᠡᠨ ᠰᠢᠪᠲᠤᠷ ᠤᠨ ᠤᠰᠤ ᠪᠠᠷ pH=10 ᠪᠤᠯᠲᠠᠯ᠎ᠠ ᠲᠤᠬᠢᠷᠠᠭᠤᠯᠬᠤ)(60᠄ 40)᠂ ᠤᠷᠤᠰᠬᠤ ᠬᠤᠷᠳᠤᠴᠠ᠄ 1.0ml/min᠂ ᠬᠡᠮᠵᠢᠯᠲᠡ ᠶᠢᠨ ᠳᠤᠯᠭᠢᠶᠠᠨ ᠤᠷᠲᠤ᠄ 230nm᠃ ᠦᠷ᠎ᠡ ᠳ᠋ᠦᠩ᠄ HPLC᠋ ᠶᠢᠨ ᠠᠷᠭ᠎ᠠ ᠪᠠᠷ ᠨᠠᠢ᠌ᠷᠠᠯᠭ᠎ᠠ ᠳᠤ ᠬᠢ ᠪᠤᠩ ᠠ ᠵᠢᠨ ᠱᠦᠯᠲᠦ ᠶᠢᠨ ᠠᠭᠤᠯᠤᠭᠳᠠᠴᠠ ᠶᠢ ᠬᠡᠮᠵᠢᠭᠰᠡᠨ ᠦ ᠳ᠋ᠦᠩ ᠳᠦ ᠂ ᠪᠤᠩ ᠠ ᠵᠢᠨ ᠱᠦᠯᠲᠦ ᠨᠢ 0.2825~1.4125μg᠋ ᠶᠢᠨ ᠬᠡᠪᠴᠢᠶᠡᠨ ᠳᠦ ᠬᠠᠷᠠᠭᠠᠯᠵᠠᠭᠰᠠᠨ ᠣᠷᠭᠢᠯ ᠤᠨ ᠲᠠᠯᠠᠪᠠᠢ ᠲᠠᠢ ᠪᠠᠨ ᠮᠠᠰᠢ ᠰᠠᠢ᠌ᠨ ᠱᠤᠭᠤᠮᠯᠢᠭ ᠬᠠᠷᠢᠴᠠᠭ᠎ᠠ ᠲᠠᠢ᠂ ᠪᠤᠩ ᠠ ᠵᠢᠨ ᠱᠦᠯᠲᠦ ᠶᠢᠨ ᠪᠤᠴᠠᠭᠠᠮᠵᠢ ᠨᠢ 98.78% ᠪᠠᠢ᠌ᠵᠤ᠂ CV ᠨᠢ 0.8% ᠪᠤᠯᠤᠨ᠎ᠠ᠃ ᠪᠤᠩ ᠠ ᠵᠢᠨ ᠱᠦᠲᠦ ᠨᠢ ᠪᠤᠰᠤᠳ ᠪᠦᠷᠢᠯᠳᠦᠭᠦᠨ ᠲᠡᠢ ᠪᠡᠨ ᠰᠠᠭᠤᠷᠢ ᠱᠤᠭᠤᠮ ᠢᠶᠠᠷ ᠰᠠᠯᠵᠤ᠂ ᠪᠤᠰᠤᠳ ᠪᠦᠷᠢᠯᠳᠦᠭᠦᠨ ᠨᠢ ᠬᠠᠷᠰᠢᠯᠠᠯ ᠦᠭᠡᠢ᠃ ᠳ᠋ᠦᠩᠨᠡᠯᠲᠡ᠄ ᠲᠤᠰ ᠠᠷᠭ᠎ᠠ ᠨᠢ ᠳᠦᠭᠦᠮ ᠮᠦᠷᠲᠡᠭᠡᠨ ᠣᠨᠣᠪᠴᠢᠲᠠᠢ᠂ ᠳᠠᠪᠳᠠᠯᠲᠠ ᠴᠢᠨᠠᠷ ᠢᠶᠠᠷ ᠰᠠᠢ᠌ᠨ ᠪᠠᠢ᠌ᠨ᠎ᠠ᠃ |
原文 |
查看原文
|
出自 |
内蒙古民族大学学报(蒙医药学)
2010年
第2期
|