摘要 |
ᠮᠣᠩᠭᠤᠯ ᠰᠣᠳᠣᠯᠣᠯ ᠳ᠋ᠡᠬᠢ ᠨᠡᠯᠢᠶᠡᠳ ᠪᠠᠭᠤᠷᠠᠢ ᠲᠠᠯ ᠠ ᠨᠢ ᠠᠵᠤ ᠠᠬᠤᠢ ᠶᠢᠨ ᠲᠡᠦᠬᠡ ᠪᠠ ᠠᠵᠤ ᠠᠬᠤᠢ ᠶᠢᠨ ᠦᠵᠡᠯ ᠰᠠᠨᠠᠭ᠎ᠠ ᠵᠢ ᠰᠤᠳᠤᠯᠬᠤ ᠶᠠᠪᠤᠳᠠᠯ ᠪᠣᠯᠬᠤ ᠵᠢ ᠡᠨᠡᠬᠦ ᠬᠦᠷᠢᠶ ᠠ ᠬᠡᠪᠴᠢᠶᠠᠨ ᠤ ᠡᠷᠲᠡᠮᠳᠡᠨ ᠮᠡᠷᠭᠡᠨ ᠰᠠᠨᠠᠯ ᠨᠢᠭᠡᠲᠡᠢ ᠦᠵᠡᠵᠦ ᠪᠤᠢ᠃ ᠠᠵᠤ ᠠᠬᠤᠢ ᠶᠢᠨ ᠠᠰᠠᠭᠤᠳᠠᠯ ᠨᠢ ᠬᠠᠮᠤᠭ ᠲᠦᠪᠡᠭᠲᠡᠢ ᠮᠦᠷᠳᠡᠭᠡᠨ ᠲᠡᠮᠡᠢ ᠬᠦᠨᠵᠡᠭᠡᠢᠷᠡᠭᠡᠲᠦᠢ ᠰᠣᠳᠤᠯᠬᠤ ᠬᠦᠷᠢᠶ ᠠ ᠪᠣᠯᠤᠨ᠎ᠠ᠃ ᠨᠡᠭᠦᠳᠡᠯ ᠤᠨ ᠮᠣᠩᠭᠤᠯᠴᠤᠳ ᠲᠤ ᠬᠤᠳᠠᠯᠳᠤᠭᠠᠨ ᠤ ᠵᠣᠷᠢᠭ ᠰᠠᠨᠠᠭ᠎ᠠ ᠲᠠᠢ ᠪᠠᠢᠭᠰᠠᠨ ᠢ ᠮᠠᠷᠺᠰ ᠵᠠᠭᠤ ᠭᠠᠷᠤᠢ ᠵᠢᠯ ᠤᠨ ᠡᠮᠦᠨ᠎ᠠ ᠵᠢᠭᠠᠵᠤ ᠭᠠᠷᠠᠭᠠᠭᠰᠠᠨ ᠪᠣᠯᠪᠠᠴᠦ ᠨᠠᠨᠠᠢᠬᠢᠨ ᠣᠳᠣ ᠬᠦᠷᠲᠡᠯ ᠠ ᠡᠬᠦᠨ ᠢᠢᠡᠷ ᠰᠦᠪᠡᠭᠴᠢ ᠪᠣᠯᠭᠠᠨ ᠦᠪᠡᠷ ᠤᠨ ᠲᠡᠦᠬᠡ ᠪᠠᠨ ᠨᠠᠷᠢᠨ ᠰᠰᠤᠳᠤᠯᠵᠤ ᠴᠢᠳᠠᠭᠠᠳᠤᠢ ᠨᠢ ᠬᠠᠷᠠᠮᠰᠠᠯᠲᠠᠢ᠂ ᠢᠩᠬᠢᠵᠦ ᠪᠣᠳᠤᠭᠰᠠᠨ ᠤ ᠤᠯᠠᠮ ᠳ᠋ᠤ ᠲᠤᠰ ᠦᠭᠦᠯᠡᠯ ᠢ ᠮᠡᠷᠭᠡᠳ ᠲᠦ ᠲᠤᠯᠢᠳᠠᠭᠤᠯᠬᠤ ᠪᠣᠯᠤᠨ᠎ᠠ᠃ |