题名 |
《ᠮᠤᠩᠭ᠋ᠤᠯ ᠤᠨ ᠲᠤᠬᠠᠢ ᠲᠡᠮᠳᠡᠭᠯᠡᠯ》 ᠳᠡᠬᠢ《ᠮᠠᠩᠭ᠋ᠤᠰ ᠤᠨ ᠦᠯᠢᠭᠡᠷ》 ᠤᠨ ᠬᠠᠷᠢᠴᠠᠭᠤᠯᠤᠭᠰᠠᠨ ᠰᠢᠨᠵᠢᠯᠡᠯ |
作者 |
ᠲᠠᠯᠠᠢ |
关键词 |
ᠮᠤᠩᠭ᠋ᠤᠯ ᠤᠨ ᠲᠤᠬᠠᠢ ᠲᠡᠮᠳᠡᠭᠯᠡᠯ; ᠮᠠᠩᠭ᠋ᠤᠰ ᠤᠨ ᠦᠯᠢᠭᠡᠷ; ᠬᠤᠪᠢᠯᠪᠤᠷᠢ |
摘要 |
ᠪᠠᠶᠠᠨᠪᠢᠯᠢᠭ᠍ᠳᠦ ᠶᠢᠨ ᠲᠤᠭᠤᠷᠪᠢᠭᠰᠠᠨ《ᠮᠤᠩᠭ᠋ᠤᠯ ᠤᠨ ᠲᠤᠬᠠᠢ ᠲᠡᠮᠳᠡᠭᠯᠡᠯ》 ᠳᠤ《ᠮᠠᠩᠭ᠋ᠤᠰ ᠤᠨ ᠦᠯᠢᠭᠡᠷ》 ᠢ ᠲᠤᠰᠬᠠᠢ ᠨᠢᠭᠡ ᠪᠦᠯᠦᠭ ᠶᠢᠡᠷ ᠲᠡᠮᠳᠡᠭᠯᠡᠭᠰᠡᠨ ᠪᠠᠢ᠌ᠨ᠎ᠠ᠃ ᠲᠤᠰ ᠦᠭᠦᠯᠡᠯ ᠳᠤ ᠵᠡᠭᠦᠨ ᠤᠷᠤᠨ ᠳᠤ ᠤᠯᠠᠮᠵᠢᠯᠠᠨ ᠲᠡᠯᠭᠡᠷᠡᠭᠰᠡᠨ《ᠮᠠᠩᠭ᠋ᠤᠰ ᠤᠨ ᠦᠯᠢᠭᠡᠷ》ᠲᠤ ᠠᠵᠢᠭᠯᠠᠯᠳᠠ ᠬᠢᠵᠦ ᠰᠤᠷᠪᠤᠯᠵᠢ ᠪᠢᠴᠢᠭ᠌ ᠲᠤ ᠲᠡᠮᠳᠡᠭᠯᠡᠭᠳᠡᠭᠰᠡᠨ ᠪᠠ ᠠᠷᠠᠳ ᠤᠨ ᠲᠤᠮᠳᠠ ᠶᠠᠷᠢᠭᠳᠠᠨ ᠲᠠᠷᠬᠠᠭᠰᠠᠨ《ᠮᠠᠩᠭ᠋ᠤᠰ ᠤᠨ ᠦᠯᠢᠭᠡᠷ》 ᠢ ᠬᠠᠷᠢᠴᠠᠭᠤᠯᠵᠤ ᠲᠡᠳᠡᠭᠡᠷ ᠤᠨ ᠢᠷᠡᠯ ᠭᠠᠷᠪᠠᠯᠢ᠂ ᠵᠢᠴᠢ ᠬᠤᠪᠢᠷᠠᠯᠳᠠ ᠬᠦᠭ᠍ᠵᠢᠯᠳᠡ ᠶᠢᠨ ᠪᠠᠢ᠌ᠳᠠᠯ ᠢ ᠬᠤᠷᠢᠶᠠᠩᠭ᠋ᠤᠢ᠌ᠯᠠᠨ ᠦᠭᠦᠯᠡᠵᠦ᠂ ᠡᠨᠡᠳᠭᠡᠭ᠌ ᠲᠦᠪᠡᠳ ᠤᠨ ᠰᠤᠳᠤᠷ ᠨᠤᠮ ᠡᠴᠡ ᠨᠦᠯᠦᠭᠡ ᠬᠦᠷᠳᠡᠭᠰᠡᠨ ᠶᠢᠡᠷ ᠤᠯᠠᠮᠵᠢᠯᠠᠯᠳᠤ ᠮᠠᠩᠭ᠋ᠤᠰ ᠤᠨ ᠦᠯᠢᠭᠡᠷ ᠲᠠᠢ ᠢᠳᠡᠭᠡᠰᠢᠨ ᠠᠭᠤᠰᠴᠤ᠂ ᠡᠯ᠎ᠡ ᠭᠠᠵᠠᠷ ᠤᠷᠤᠨ ᠳᠤ ᠤᠯᠠᠮᠵᠢᠯᠠᠨ ᠲᠠᠷᠬᠠᠬᠤ ᠳᠠᠭᠠᠨ ᠡᠯ᠎ᠡ ᠭᠠᠵᠠᠷ ᠤᠷᠤᠨ ᠤ ᠨᠡᠷ᠎ᠡ ᠶᠢ ᠲᠠᠢ᠌ᠯᠪᠤᠷᠢᠯᠠᠬᠤ ᠪᠡᠷ ᠬᠤᠪᠢᠷᠠᠭᠰᠠᠨ ᠪᠠᠢ᠌ᠳᠠᠯ ᠲᠠᠢ ᠭᠡᠵᠦ ᠳ᠋ᠦᠩᠨᠡᠭᠰᠡᠨ ᠪᠠᠢ᠌ᠨ᠎ᠠ᠃ |
原文 |
查看原文
|
出自 |
内蒙古民族大学学报(社会科学)
2015年
第1期
|