题名 |
ᠲᠡᠮᠦᠬᠡ ᠣᠳᠴᠢᠬᠢᠨ ᠤ ᠤᠭᠰᠠᠭ᠎ᠠ ᠶᠢᠨ ᠮᠠᠨᠳᠤᠯ ᠪᠠᠭ᠋᠋ᠤᠷᠠᠯ ᠤᠨ ᠲᠤᠬᠠᠢ |
作者 |
ᠡᠷᠳᠡᠮᠲᠦ; ᠲᠠᠨ᠎ᠠ |
关键词 |
ᠲᠡᠮᠦᠬᠡ ᠣᠳᠴᠢᠬᠢᠨ; ᠬᠠᠰᠠᠷ; ᠦᠵᠢᠶᠡᠨ; ᠨᠤᠨ ᠬᠤᠷᠴᠢᠨ |
摘要 |
ᠲᠡᠮᠦᠬᠡ ᠣᠳᠴᠢᠬᠢᠨ ᠪᠤᠯ ᠴᠢᠩᠭᠢᠰ ᠬᠠᠭ᠋᠋ᠠᠨ ᠤ ᠡᠬᠡ ᠨᠢᠭᠡᠲᠡᠢ ᠣᠳᠬᠤᠨ ᠳᠡᠭᠦᠦ ᠨᠢ ᠶᠤᠮ᠃ ᠲᠡᠮᠦᠬᠡ ᠨᠢᠭᠡ ᠲᠠᠯ᠎ᠠ ᠪᠠᠷ 《ᠭᠠᠯ ᠭᠤᠯᠤᠮᠲᠠ ᠪᠠᠨ ᠰᠠᠬᠢᠬᠤ ᠡᠵᠡᠨ》 ᠦ ᠬᠤᠪᠢ ᠪᠠᠷ ᠡᠬᠡ ᠦᠭᠡᠯᠦᠨ ᠢ ᠠᠴᠢᠯᠠᠨ ᠠᠰᠠᠷᠠᠬᠤ ᠶᠢᠨ ᠬᠠᠮᠲᠤ ᠮᠣᠩᠭᠤᠯ ᠤᠨ ᠤᠳᠤᠮᠰᠢᠯ ᠶᠤᠰᠤᠭ᠋ᠠᠷ ᠦᠮᠴᠢ ᠬᠤᠪᠢ ᠬᠤᠪᠢᠶᠠᠬᠤ ᠦᠶ᠎ᠡ ᠳᠦ 《ᠨᠤᠲᠤᠭ ᠢᠶᠠᠨ ᠡᠵᠡᠯᠵᠦ᠂ ᠨᠤᠭ᠋ᠤᠯᠤᠭ᠋ᠤᠷ ᠢᠶᠠᠨ ᠢᠳᠡᠬᠦ》 ᠲᠤᠯᠠ ᠠᠯᠢ ᠴᠤ ᠠᠬ᠎ᠠ ᠳᠡᠭᠦᠦ ᠰᠠᠲᠤᠨ ᠠᠴᠠ ᠪᠦᠷ ᠢᠯᠡᠭᠦᠦ ᠬᠤᠪᠢ ᠬᠦᠷᠲᠡᠪᠡ᠃ ᠨᠦᠬᠦᠭᠡ ᠲᠠᠯ᠎ᠠ ᠪᠠᠷ ᠤᠤᠭ᠋ᠠᠨ ᠠᠬ᠎ᠠ ᠲᠡᠮᠦᠵᠢᠨ ᠨᠢ ᠡᠨ᠋ᠡ ᠬᠦ ᠣᠳᠬᠤᠨ ᠳᠡᠭᠦᠦ ᠪᠡᠨ ᠬᠡᠨ ᠡᠴᠡ ᠴᠦ ᠢᠯᠡᠭᠦᠦ ᠡᠩᠭᠦᠷᠡᠢᠯᠡᠨ ᠬᠠᠢᠷᠠᠯᠳᠠᠭ ᠪᠤᠯᠬᠤᠷ ᠠᠯᠢ ᠴᠢᠬᠤᠯᠠ ᠡᠭᠦᠷᠭᠡ ᠶᠢ ᠲᠤᠰᠢᠶᠠᠭ᠋ᠠᠳ᠂ ᠭᠠᠪᠢᠶ᠎ᠠ ᠵᠢᠳᠭᠦᠯ ᠦᠨ ᠬᠡᠮᠵᠢᠶ᠎ᠡ ᠪᠡᠷ ᠱᠠᠩ ᠬᠡᠰᠢᠭ ᠬᠦᠷᠲᠡᠭᠡᠳᠡᠭ ᠪᠠᠢᠭᠰᠠᠨ ᠠᠴᠠ ᠲᠡᠮᠦᠬᠡ ᠶᠢᠨ ᠦᠮᠴᠢ ᠨᠤᠲᠤᠭ ᠤᠯᠠᠮ ᠢᠶᠠᠷ ᠦᠷᠭᠡᠵᠢᠵᠦ᠂ ᠬᠠᠷᠢᠶᠠᠲᠤ ᠢᠷᠭᠡᠳ ᠨᠢ ᠨᠡᠩᠳᠡ ᠨᠡᠮᠡᠭᠳᠡᠪᠡ᠃ ᠲᠡᠭᠦᠨ ᠦ ᠨᠤᠲᠤᠭ ᠨᠢ ᠮᠣᠩᠭᠤᠯ ᠤᠨ ᠵᠡᠭᠦᠨ ᠬᠤᠢᠲᠤ ᠪᠠ ᠵᠡᠭᠦᠨ ᠵᠠᠬ᠎ᠠ ᠶᠢ ᠬᠠᠮᠤᠷᠴᠤ᠂ ᠡᠷᠲᠡᠨ ᠦ ᠦᠳᠡᠭᠡᠲᠡᠢ ᠠᠢᠮᠠᠭ — ᠳᠤᠮᠳᠠᠳᠤ ᠶᠢᠨ ᠬᠢᠲᠠᠳ ᠲᠡᠦᠬᠡᠨ ᠳᠦ ᠦ ᠡᠧ᠂ ᠸᠧ ᠵᠢᠦᠢ᠂ ᠦ ᠵᠢᠢ ᠭᠡᠬᠦ ᠮᠡᠲᠦ ᠠᠳᠠᠯᠢ ᠪᠤᠰᠤ ᠠᠪᠢᠶ᠎ᠠ ᠪᠠᠷ ᠲᠡᠮᠳᠡᠭᠯᠡᠭᠳᠡᠵᠦ ᠢᠷᠡᠭᠰᠡᠨ ᠮᠠᠨᠵᠤ ᠨᠠᠷ ᠤᠨ ᠳᠡᠭᠳᠦᠰ ᠦᠨ ᠨᠤᠲᠤᠭ ᠢ ᠴᠤ ᠬᠠᠷᠢᠶᠠᠯᠠᠵᠤ ᠪᠠᠢᠪᠠ᠃ ᠭᠡᠪᠡᠴᠦ ᠶᠡᠬᠡ ᠶᠤᠸᠠᠨ ᠤ ᠡᠬᠢᠨ ᠦ ᠨᠠᠶᠠᠨ ᠤ ᠤᠷᠪᠠᠯᠭ᠋ᠠᠨ ᠪᠠ ᠶᠡᠬᠡ ᠶᠤᠸᠠᠨ ᠤ ᠰᠡᠭᠦᠯᠴᠢ ᠶᠢᠨ ᠲᠤᠭᠲᠤᠭ᠎ᠠ ᠶᠢᠨ ᠤᠷᠪᠠᠯᠭ᠋ᠠᠨ ᠠᠴᠠ ᠪᠤᠯᠵᠤ᠂ ᠡᠨ᠋ᠡ ᠬᠦ ᠦᠷᠭᠡᠨ ᠠᠭ᠋ᠤᠳᠠᠮ ᠨᠤᠲᠤᠭ ᠳᠡᠪᠢᠰᠭᠡᠷ ᠨᠢ ᠬᠠᠰᠠᠷ ᠤᠨ ᠬᠤᠢᠴᠢᠰ ᠲᠤ ᠰᠢᠯᠵᠢᠪᠡ᠃ ᠡᠭᠦᠨ ᠡᠴᠡ ᠬᠠᠰᠠᠷ ᠤᠨ ᠬᠤᠢᠴᠢᠰ ᠨᠢ 《ᠦᠵᠢᠶᠡᠨ ᠨᠤᠨ ᠬᠤᠷᠴᠢᠨ》 ᠭᠡᠬᠦ ᠨᠡᠷ᠎ᠡ ᠲᠠᠢ ᠪᠤᠯᠵᠤ᠂ ᠲᠡᠮᠦᠬᠡ ᠣᠳᠴᠢᠬᠢᠨ ᠤ ᠬᠤᠢᠴᠢᠰ ᠢ ᠴᠤ ᠬᠠᠮᠤᠷᠤᠨ ᠪᠠᠭᠲᠠᠭ᠋ᠠᠭᠰᠠᠨ ᠪᠠᠢᠳᠠᠭ᠃ ᠲᠤᠰ ᠦᠭᠦᠯᠡᠯ ᠳᠦ ᠲᠡᠮᠦᠬᠡ ᠣᠳᠴᠢᠬᠢᠨ ᠤ ᠤᠭᠰᠠᠭ᠎ᠠ ᠶᠢᠨ ᠡᠨ᠋ᠡ ᠬᠦ ᠮᠠᠨᠳᠤᠯ ᠪᠠᠭ᠋ᠤᠷᠠᠯ ᠢ ᠬᠡᠳᠦᠨ ᠰᠡᠳᠦᠪ ᠢᠶᠡᠷ ᠰᠢᠷᠬᠡᠭᠵᠢᠴᠢᠯᠡᠵᠦ ᠦᠭᠦᠯᠡᠭᠰᠡᠨ ᠪᠠᠢᠨ᠎ᠠ᠃ |
原文 |
没有原文
|
出自 |
内蒙古民族大学学报(社会科学)
2001年
第3期
|