摘要 |
ᠮᠠᠨ᠋ᠤᠰ ᠠᠮᠵᠢᠯᠲᠠ ᠲᠠᠢ ᠲᠠᠯ᠎ᠠ ᠪᠠᠨ ᠣᠯᠵᠤ ᠦᠵᠡᠭᠡᠳ ᠠᠰᠠᠭ᠋ᠤᠳᠠᠯ ᠲᠠᠢ ᠲᠠᠯ᠎ᠠ ᠪᠠᠨ ᠨᠢᠳᠦ ᠠᠨ᠋ᠢᠵᠤ ᠨᠢᠭ᠋ᠤᠷ ᠬᠠᠶᠠᠭ᠋ᠠᠳ ᠯᠠ ᠶᠠᠪᠤᠪᠠᠯ᠂ ᠡᠨᠡ ᠨᠢ ᠦᠨᠳᠦᠰᠦᠲᠡᠨ ᠦ ᠪᠡᠨ ᠤᠳᠬ᠎ᠠ ᠤᠷᠠᠯᠢᠭ ᠤᠨ ᠦᠢᠯᠡᠰ ᠲᠦ ᠡᠷᠬᠢᠮ ᠠᠢᠷᠭ᠋ᠤᠨ ᠡᠭᠦᠷᠭᠡ ᠬᠠᠷᠠᠭ᠋ᠤᠯᠴᠠᠯᠭᠠ ᠪᠠᠨ ᠠᠯᠳᠠᠭᠰᠠᠨ ᠬᠡᠷᠡᠭ ᠪᠤᠯᠤᠨ᠎ᠠ᠃ ᠲᠡᠭᠡᠪᠡᠯ ᠡᠨᠳᠡ ᠣᠳᠤᠬᠠᠨ ᠤ ᠮᠣᠩᠭᠤᠯ ᠰᠢᠯᠦᠭ ᠲᠦ ᠣᠷᠤᠰᠢᠵᠤ ᠪᠠᠢᠭ᠎ᠠ ᠵᠠᠷᠢᠮ ᠠᠰᠠᠭ᠋ᠤᠳᠠᠯ — ᠰᠢᠯᠦᠭ ᠦᠨ ᠰᠡᠳᠦᠪ ᠳᠠᠪᠬᠤᠴᠠᠯ᠂ ᠰᠠᠨ᠋ᠠᠭ᠎ᠠ ᠳᠠᠪᠬᠤᠴᠠᠯ᠂ ᠰᠡᠳᠬᠢᠮᠵᠢ ᠳᠠᠪᠬᠤᠴᠠᠯ ᠵᠡᠷᠭᠡ 《ᠭᠤᠷᠪᠠᠨ ᠳᠠᠪᠬᠤᠴᠠᠯ》 ᠤᠨ ᠡᠮᠵᠡᠭ ᠢ ᠭᠤᠤᠯᠴᠢᠯᠠᠨ ᠳᠤᠷᠠᠳᠬᠤ ᠶᠢᠨ ᠳᠠᠭ᠋ᠠᠤ᠂ ᠰᠢᠯᠦᠭ ᠦᠨ ᠵᠤᠬᠢᠶᠠᠯ ᠪᠦᠲᠦᠭᠡᠯ ᠳᠦ ᠵᠦᠩᠳᠡᠭᠡᠨ ᠣᠷᠤᠰᠢᠵᠤ ᠪᠠᠢᠭ᠎ᠠ ᠬᠡᠯᠪᠡᠷᠢ ᠶᠢᠨ ᠬᠦᠭᠡᠭᠡᠴᠡᠯᠳᠦᠯ᠂ ᠬᠡᠯᠡᠯᠭᠡ ᠶᠢᠨ ᠬᠦᠭᠡᠭᠡᠴᠡᠯᠳᠦᠯ ᠵᠡᠷᠭᠡ 《ᠬᠤᠶᠠᠷ ᠬᠦᠭᠡᠭᠡᠴᠡᠯᠳᠦᠯ》 ᠢ ᠰᠢᠭ᠋ᠤᠳ ᠬᠡᠯᠡᠵᠦ᠂ ᠪᠠᠰᠠ ᠰᠢᠯᠦᠭ ᠵᠤᠬᠢᠶᠠᠯ ᠳᠤ ᠤᠷᠠᠨ ᠰᠡᠳᠬᠢᠮᠵᠢ ᠶᠢ ᠯᠡ ᠬᠦᠨᠳᠦᠳᠭᠡᠵᠦ᠂ ᠤᠶᠠᠩᠭ᠍ᠠ ᠰᠡᠳᠬᠢᠯᠭᠡ ᠶᠢ ᠨᠢ ᠬᠦᠩᠭᠡᠪᠴᠢᠯᠡᠵᠦ ᠪᠠᠢᠭ᠎ᠠ 《ᠨᠢᠭᠡ ᠬᠦᠩᠭᠡᠪᠴᠢᠯᠡᠯ》 ᠦᠨ ᠡᠮᠵᠡᠭᠲᠦ ᠠᠰᠠᠭ᠋ᠤᠳᠠᠯ ᠢ ᠡᠷᠬᠡ ᠦᠭᠡᠢ ᠵᠢᠭ᠋ᠠᠵᠤ ᠭᠠᠷᠭ᠋ᠠᠭ᠋ᠠᠳ᠂ ᠬᠤᠢᠰᠢᠲᠠ ᠶᠤᠰᠤ ᠴᠢᠨ᠋ᠠᠷ ᠲᠠᠢ ᠰᠢᠯᠢᠳᠡᠭ ᠮᠣᠩᠭᠤᠯ ᠰᠢᠯᠦᠭ ᠦᠳ ᠤᠯᠠᠮ ᠠᠷᠪᠢᠨ ᠪᠢᠴᠢᠭᠳᠡᠵᠦ ᠬᠠᠷᠠᠭᠳᠠᠬᠤ ᠶᠢ ᠵᠦᠩᠨ᠋ᠡᠨ ᠢᠷᠦᠭᠡᠵᠦ᠂ ᠠᠩᠬᠠᠷᠤᠯ ᠳᠠᠭ᠋ᠠᠨ ᠠᠪᠴᠤ᠂ ᠬᠦᠰᠡᠯ ᠳᠡᠭᠡᠨ ᠬᠠᠢᠵᠤ ᠪᠠᠢᠭ᠎ᠠ ᠲᠡᠳᠦᠢ ᠶᠤᠮ᠃ |