题名 |
ᠮᠠᠨᠵᠤ ᠬᠡᠯᠡ ᠰᠣᠳᠤᠯᠤᠯ ᠡᠴᠡ ᠮᠣᠩᠭ᠋ᠤᠯ ᠬᠡᠯᠡ ᠰᠢᠨᠵᠢᠯᠡᠯ ᠳᠤ ᠦᠵᠡᠭᠦᠯᠬᠦ ᠨᠡᠮᠡᠷᠢ ᠬᠠᠨᠳᠢᠪ |
作者 |
ᠪ·ᠰᠣᠳᠤ |
关键词 |
ᠮᠠᠨᠵᠤ ᠬᠡᠯᠡ ᠰᠣᠳᠤᠯᠤᠯ; ᠡᠷᠲᠡᠨ ᠤ ᠮᠣᠩᠭ᠋ᠤᠯ ᠬᠡᠯᠡ ᠰᠣᠳᠤᠯᠤᠯ; ᠮᠣᠩᠭ᠋ᠤᠯ ᠬᠡᠯᠡᠨ ᠤ ᠠᠶᠠᠯᠭᠤ ᠰᠢᠨᠵᠢᠯᠡᠯ; ᠮᠣᠩᠭ᠋ᠤᠯ ᠬᠡᠯᠡᠨ ᠤ ᠬᠠᠷᠢᠴᠠᠭᠤᠯᠤᠭᠰᠠᠨ ᠰᠣᠳᠤᠯᠭ᠋ ᠠ; ᠰᠢᠨᠵᠢᠯᠡᠭᠡᠨ ᠤ ᠬᠦᠭ᠍ᠵᠢᠯ |
摘要 |
ᠮᠠᠨᠵᠤ ᠬᠡᠯᠡᠨ ᠤ ᠰᠣᠳᠤᠯᠤᠯ ᠢ ᠠᠩᠭᠠᠷᠤᠨ ᠬᠦ᠍ᠭ᠍ᠵᠢᠭᠦᠯᠬᠦ ᠨᠢ ᠮᠣᠩᠭ᠋ᠤᠯ ᠬᠡᠯᠡ ᠰᠢᠨᠵᠢᠯᠡᠯ ᠤᠨ ᠬᠦᠷᠢᠶᠡᠨ ᠳᠤ ᠴᠢᠬᠤᠯᠠ ᠠᠴᠢ ᠬᠣᠯᠪᠤᠭᠳᠠᠯ ᠲᠠᠢ ᠶᠤᠮ᠃ ᠡᠷᠲᠡᠨ ᠤ ᠮᠣᠩᠭ᠋ᠤᠯ ᠬᠡᠯᠡᠨ ᠤ ᠰᠣᠳᠤᠯᠤᠯ᠂ ᠮᠣᠩᠭ᠋ᠤᠯ ᠬᠡᠯᠡᠨ ᠤ ᠨᠤᠲᠤᠭ ᠤᠨ ᠠᠶᠠᠯᠭᠤᠨ ᠤ ᠰᠢᠨᠵᠢᠯᠡᠭᠡ ᠪᠠ ᠮᠣᠩᠭ᠋ᠤᠯ ᠬᠡᠯᠡᠨ ᠤ ᠬᠠᠷᠢᠴᠠᠭᠤᠯᠤᠭᠰᠠᠨ ᠰᠣᠳᠤᠯᠭᠠᠨ ᠢ ᠭᠦᠨᠵᠡᠭᠡᠶᠢᠷᠡᠭᠦᠯᠬᠦ ᠳᠤ ᠮᠠᠨᠵᠤ ᠬᠡᠯᠡᠨ ᠤ ᠮᠡᠳᠡᠯᠭᠡ ᠪᠠ ᠰᠣᠳᠤᠯᠭᠠᠨ ᠤ ᠦᠷ ᠡ ᠪᠦᠲᠦᠭᠡᠯ ᠨᠢ ᠳᠤᠲᠠᠭᠳᠠᠵᠤ ᠪᠣᠯᠤᠰᠢ ᠦᠭᠡᠢ ᠴᠢᠬᠤᠯᠠ ᠮᠠᠲ᠋ᠸᠷᠢᠶᠠᠯ ᠪᠣᠯᠵᠤ ᠪᠣᠢ᠃ ᠡᠶᠢᠮᠦ ᠡᠴᠡ ᠮᠠᠨᠵᠤ ᠪᠢᠴᠢᠭ᠌ ᠲᠤ ᠨᠡᠪᠲᠡᠷᠡᠵᠦ ᠮᠠᠨᠵᠤ ᠰᠣᠳᠤᠯᠤᠯ ᠤᠨ ᠪᠣᠯᠪᠠᠰᠤᠷᠠᠯ ᠬᠦᠷᠲᠡᠭᠰᠡᠨ ᠵᠠᠯᠠᠭᠤ ᠨᠢᠭᠡ ᠦᠶ ᠡ ᠵᠢᠨ ᠡᠷᠳᠡᠮᠲᠡᠳ ᠢ ᠬᠦᠮᠦᠵᠢᠭᠦᠯᠬᠦ ᠪᠠ ᠮᠠᠨᠵᠤ ᠬᠡᠯᠡ ᠰᠣᠳᠤᠯᠤᠯ ᠢ ᠴᠢᠩᠭ᠋ᠠᠳᠭᠠᠬᠤ ᠨᠢ ᠤᠯᠤᠰ ᠤᠨ ᠳᠣᠲᠤᠭᠠᠳᠤ ᠵᠢᠨ ᠮᠣᠩᠭ᠋ᠤᠯ ᠬᠡᠯᠡ ᠰᠢᠨᠵᠢᠯᠡᠯ ᠤᠨ ᠬᠦᠷᠢᠶᠡᠨ ᠳᠡᠬᠢ ᠨᠢᠭᠡᠨ ᠲᠤᠯᠭᠠᠮᠳᠠᠭᠰᠠᠨ ᠠᠰᠠᠭᠤᠳᠠᠯ ᠪᠣᠯᠤᠨ᠌ ᠠ᠃ |
原文 |
查看原文
|
出自 |
内蒙古民族大学学报(社会科学)
2005年
第4期
|