摘要 |
ᠬᠦᠬᠡᠨᠠᠭᠤᠷ᠂ ᠲᠦᠪᠡᠳ ᠵᠡᠷᠭᠡ ᠮᠤᠵᠢ ᠤᠷᠤᠨ ᠢᠶᠠᠷ ᠮᠣᠩ᠋ᠭᠣᠯᠴᠤᠳ ᠤᠨ ᠲᠡᠦᠬᠡ᠂ ᠰᠤᠶᠤᠯ᠂ ᠠᠵᠤ ᠠᠬᠤᠢ ᠳᠤ ᠨᠦᠯᠦᠭᠡ ᠲᠡᠢ ᠰᠦᠮ᠎ᠡ ᠬᠡᠶᠢᠳ ᠤᠯᠠᠨ ᠪᠠᠶᠢᠳᠠᠭ᠂ ᠤᠳᠤ ᠶᠢᠨ ᠬᠦᠬᠡᠨᠠᠭᠤᠷ ᠮᠤᠵᠢ ᠶᠢᠨ ᠬᠤᠸᠠᠩ ᠶᠤᠸᠠᠨ ᠰᠢᠶᠠᠨ ᠤ ᠳ᠋ᠠᠼᠠᠩ ᠬᠡᠶᠢᠳ ᠪᠤᠯ ᠲᠡᠭᠦᠨ ᠦ ᠨᠢᠭᠡ ᠨᠢ ᠪᠤᠯᠤᠨ᠎ᠠ᠃ ᠲᠤᠰ ᠦᠭᠦᠯᠡᠯ ᠳᠦ 1636 ᠤᠨ ᠤ ᠦᠶ᠎ᠡ ᠪᠡᠷ ᠬᠤᠱᠤᠨ ᠠᠶᠢᠮᠠᠭ ᠰᠢᠨᠵᠢᠶᠠᠩ ᠠᠴᠠ ᠬᠦᠬᠡᠨᠠᠭᠤᠷ ᠲᠤ ᠨᠡᠭᠦᠵᠦ ᠢᠷᠡᠭᠡᠳ ᠳ᠋ᠠᠼᠠᠩ ᠬᠡᠶᠢᠳ ᠢᠶᠡᠷ ᠲᠦᠷᠦ ᠱᠠᠰᠢᠨ ᠤ ᠰᠠᠭᠤᠷᠢᠨ ᠭᠠᠵᠠᠷ ᠢᠶᠠᠨ ᠪᠤᠯᠭᠠᠵᠤ ᠪᠠᠶᠢᠭᠰᠠᠨ ᠤᠴᠢᠷ ᠤᠳ᠂ ᠲᠤᠩ᠋ᠬᠤᠷ ᠬᠤᠲᠠ ᠯᠤᠭ᠎ᠠ ᠶᠢᠨ ᠠᠵᠤ ᠠᠬᠤᠢ ᠶᠢᠨ ᠬᠠᠷᠢᠴᠠᠭ᠎ᠠ᠂ ᠵᠢᠴᠢ ᠨᠠᠭᠤᠷ ᠤᠨ ᠲᠠᠬᠢᠯᠭ᠎ᠠ᠂ ᠭᠠᠵᠠᠷ ᠤᠰᠤᠨ ᠤ ᠨᠡᠷ᠎ᠡ᠂ ᠲᠡᠭᠦᠨ ᠦ ᠡᠷᠳᠡᠮᠲᠡᠨ ᠮᠣᠩᠭᠣᠯ ᠯᠠᠮᠠ ᠨᠢ ᠬᠠᠭᠤᠴᠢ ᠳᠤᠷᠠᠰᠬᠠᠯ᠂ ᠦᠩᠭᠡ ᠦᠵᠡᠮᠵᠢ (ᠡᠨᠡ ᠨᠢ ᠴᠦ ᠲᠡᠦᠬᠡ ᠲᠡᠢ ᠬᠤᠯᠪᠤᠭᠳᠠᠨ᠎ᠠ) ᠵᠡᠭᠡ ᠲᠠᠯ᠎ᠠ ᠠᠴᠠ ᠮᠣᠩᠭᠣᠯ ᠰᠤᠶᠤᠯ ᠲᠡᠦᠬᠡ ᠯᠦᠭᠡ ᠬᠠᠷᠢᠴᠠᠭ᠎ᠠ ᠲᠠᠢ ᠪᠠᠶᠢᠭᠰᠠᠨ ᠢ ᠲᠤᠳᠤᠷᠠᠭᠤᠯᠬᠤ ᠶᠢ ᠵᠤᠷᠢᠯ᠎ᠠ᠃ |