摘要 |
《ᠤᠶᠤᠨ ᠴᠢᠳᠠᠪᠤᠷᠢ 》ᠭᠡᠳᠡᠭ ᠦᠭᠡ ᠶᠢᠨ ᠤᠳᠬ ᠠ ᠨᠢ ᠮᠠᠨ ᠤ ᠶᠡᠷᠦ ᠶᠢᠨ ᠶᠠᠷᠢᠳᠠᠭ ᠲᠠᠨᠢᠯᠲᠡ ᠶᠢᠨ ᠴᠢᠳᠠᠪᠤᠷᠢ ᠵᠢ ᠬᠡᠯᠡᠵᠦ ᠪᠤᠢ᠂ ᠲᠠᠷᠤᠢ ᠠᠵᠢᠭᠯᠠᠯᠲᠠ ᠶᠢᠨ ᠴᠢᠳᠠᠪᠤᠷᠢ᠂ ᠴᠡᠭᠡᠵᠢᠯᠠᠯ ᠤᠨ ᠴᠢᠳᠠᠪᠤᠷᠢ᠂ ᠰᠡᠳᠬᠢᠭᠦᠢ ᠶᠢᠨ ᠴᠢᠳᠠᠪᠤᠷᠢ ᠭᠡᠬᠦ ᠮᠣᠳᠦ ᠵᠢ ᠵᠢᠭᠠᠵᠤ ᠪᠤᠢ᠂ ᠡᠳᠡᠭᠡᠷ ᠨᠢ ᠪᠦᠷ ᠰᠡᠳᠬᠢᠴᠡ ᠶᠢᠨ ᠵᠠᠩ ᠴᠢᠨᠠᠷ ᠤᠨ ᠬᠦᠷᠢᠶᠡᠨ ᠳ᠋ᠤ ᠪᠠᠭᠳᠠᠨ᠎ᠠ᠃ ᠬᠠᠷᠢᠨ ᠡᠭᠦᠨ ᠤ ᠲᠤᠳᠤᠷᠠᠬᠢ ᠰᠡᠳᠬᠢᠬᠦᠢ ᠶᠢᠨ ᠴᠢᠳᠠᠪᠤᠷᠢ᠂ ᠪᠦᠲᠦᠭᠡᠯᠴᠢ ᠴᠢᠨᠠᠷ ᠲᠠᠢ ᠰᠡᠳᠬᠢᠬᠦᠢ ᠶᠢᠨ ᠴᠢᠳᠠᠪᠤᠷᠢ ᠨᠢ ᠭᠤᠤᠯᠯᠠᠭᠴᠢ ᠬᠡᠰᠡᠭ ᠪᠣᠯᠬᠤ ᠪᠢᠯᠡ᠃ ᠶᠡᠷᠦᠳᠡ ᠶᠢᠨ ᠶᠠᠷᠢᠳᠠᠭ ᠵᠢᠭᠠᠬᠤ ᠶᠠᠪᠤᠴᠠ ᠳ᠋ᠡᠬᠢ ᠣᠩᠰᠢᠬᠤ ᠴᠢᠳᠠᠪᠤᠷᠢ᠂ ᠪᠢᠴᠢᠬᠦ ᠴᠢᠳᠠᠪᠤᠷᠢ᠂ ᠪᠤᠳᠤᠬᠤ ᠴᠢᠳᠠᠪᠤᠷᠢ᠂ ᠵᠢᠷᠤᠬᠤ ᠴᠢᠳᠠᠪᠤᠷᠢ ᠭᠡᠬᠦ ᠮᠡᠲᠦ ᠨᠢ ᠤᠷᠠᠨ ᠴᠢᠳᠠᠪᠤᠷᠢ ᠳ᠋ᠤ ᠪᠠᠭᠳᠠᠨ᠎ᠠ᠂ ᠦᠭᠡᠷ ᠡ ᠪᠡᠷ ᠬᠡᠯᠡᠪᠡᠯ ᠰᠡᠳᠬᠢᠴᠡ ᠶᠢᠨ ᠵᠦᠢ ᠳ᠋ᠤ ᠶᠠᠷᠢᠳᠡᠭ ᠤᠶᠣᠨ ᠤ ᠤᠷᠠᠨ ᠴᠢᠳᠠᠪᠤᠷᠢ ᠪᠣᠯᠬᠤ ᠶᠣᠮ᠃ ᠭᠡᠬᠦ ᠳ᠋ᠡᠭᠡᠨ᠂ ᠤᠶᠤᠨ ᠤ ᠤᠷᠠᠨ ᠴᠢᠳᠠᠪᠤᠷᠢ ᠨᠢ ᠤᠶᠤᠨ ᠴᠢᠳᠠᠪᠤᠢ ᠯᠤᠭ᠎ᠠ ᠲᠡᠩᠴᠡᠬᠦ ᠪᠢᠰᠢ᠂ ᠤᠶᠤᠨ ᠤ ᠤᠷᠠᠨ ᠴᠢᠳᠠᠪᠤᠷᠢ ᠪᠣᠯ ᠰᠤᠷᠤᠭᠴᠢᠳ ᠤᠨ ᠮᠡᠳᠡᠯᠭᠡ ᠶᠢᠨ ᠡᠵᠡᠮᠰᠢᠯ ᠡᠴᠡ ᠤᠶᠤᠨ ᠴᠢᠳᠠᠪᠤᠷᠢ ᠶᠢᠨ ᠬᠦᠭᠵᠢᠯᠲᠡ ᠳ᠋ᠤ ᠲᠤᠪᠰᠢᠬᠤ ᠶᠢᠨ ᠵᠠᠪᠰᠠᠷ ᠤᠨ ᠴᠠᠭᠠᠷᠢᠭ ᠪᠣᠯᠤᠨ᠎ᠠ᠃ ᠮᠡᠨ ᠤ ᠡᠨᠳᠡ ᠶᠠᠷᠢᠬᠤ ᠭᠡᠵᠦ ᠪᠠᠢᠭ᠎ᠠ ᠤᠶᠤᠨ ᠴᠢᠳᠠᠪᠤᠷ ᠶᠢᠨ ᠭᠦᠭᠵᠢᠯᠲᠡ ᠭᠡᠳᠡᠭ ᠨᠢ ᠭᠤᠤᠯᠳᠠᠭᠤ ᠰᠤᠷᠤᠭᠴᠢᠳ ᠤᠨ ᠰᠡᠳᠬᠢᠬᠦᠢ ᠶᠢᠨ ᠴᠢᠳᠠᠪᠤᠷᠢ ᠢᠯᠠᠩᠭᠤᠶ ᠠ ᠪᠦᠲᠦᠭᠡᠯᠴᠢ ᠴᠢᠨᠠᠷᠲᠠᠢ ᠰᠡᠳᠬᠢᠬᠦᠢ ᠶᠢᠨ ᠴᠢᠳᠠᠪᠤᠷᠢ ᠵᠢ ᠵᠢᠭᠠᠵᠤ ᠪᠠᠢᠨ᠎ᠠ᠃ |