摘要 |
ᠵᠤᠬᠢᠶᠠᠭᠴᠢ ᠠᠴᠠ ᠬᠠᠰᠪᠤ ᠶᠢᠨ ᠣᠨᠯ ᠦᠭᠦᠯᠡᠯ ᠢ ᠵᠠᠳᠠᠯᠤᠨ ᠰᠢᠨᠵᠢᠯᠡᠭᠡᠳ ᠬᠠᠰᠪᠤ ᠶᠢᠨ ᠤᠳᠬ᠎ᠠ ᠵᠤᠬᠢᠶᠠᠯ ᠤᠨ ᠣᠨᠣᠯ ᠦᠵᠡᠯᠲᠡ ᠪᠤᠯ ᠤᠷᠠᠨ ᠲᠤᠭᠤᠷᠪᠢᠯ ᠤᠨ ᠵᠢᠮ᠎ᠡ ᠬᠠᠤᠯᠢ᠂ ᠤᠷᠠᠨ ᠪᠦᠲᠦᠭᠡᠯ ᠦᠨ ᠪᠡᠯᠭᠡ ᠰᠢᠨᠵᠢ᠂ ᠤᠷᠠᠨ ᠲᠤᠭᠤᠷᠪᠢᠯ ᠤᠨ ᠠᠷᠭ᠎ᠠ ᠪᠠᠷᠢᠯ ᠵᠡᠷᠭᠡ ᠣᠯᠠᠨ ᠲᠠᠯ᠎ᠠ ᠢ ᠬᠠᠮᠤᠷᠤᠭᠰᠠᠨ ᠨᠡᠯᠢᠶᠡᠳ ᠰᠢᠰᠲ᠋ᠧᠮ ᠲᠡᠢ ᠣᠨᠣᠯ ᠪᠤᠯᠬᠤ ᠶᠢ ᠨᠤᠲᠠᠯᠠᠵᠤ᠂ 《ᠤᠷᠠᠨ》ᠪᠠ 《ᠭᠠᠢ᠌ᠬᠠᠯᠲᠠᠢ》ᠭᠡᠬᠦ ᠬᠤᠶᠠᠷ ᠤᠬᠠᠭᠳᠠᠬᠤᠨ ᠤ ᠬᠠᠰᠪᠤ ᠶᠢᠨ ᠣᠨᠣᠯ ᠦᠭᠦᠯᠡᠯ ᠳᠡᠬᠢ ᠬᠦᠨᠳᠦ ᠴᠢᠬᠤᠯᠠ ᠪᠠᠢ᠌ᠷᠢ ᠰᠠᠭᠤᠷᠢ ᠶᠢ ᠦᠭᠦᠯᠡᠬᠦ ᠶᠢᠨ ᠬᠠᠮᠲᠤ ᠲᠡᠳᠡᠭᠡᠷ ᠦᠨ ᠨᠠᠷᠢᠨ ᠢᠯᠭᠠᠭ᠎ᠠ ᠶᠢ ᠰᠢᠨᠵᠢᠯᠡᠭᠡᠳ ᠬᠠᠰᠪᠤ ᠶᠢᠨ ᠪᠦᠬᠦᠢ᠌ᠯᠡ ᠣᠨᠣᠯ ᠦᠭᠦᠯᠡᠯ ᠢ 《ᠤᠷᠠᠨ ᠭᠠᠢ᠌ᠬᠠᠯᠲᠠᠢ》᠋ ᠶᠢᠨ ᠣᠨᠣᠯ ᠬᠡᠮᠡᠨ ᠰᠢᠰᠲ᠋ᠧᠮᠵᠢᠭᠦᠦᠨ ᠦᠭᠦᠯᠡᠭᠰᠡᠨ ᠪᠠᠢ᠌ᠨ᠎ᠠ᠃ |