摘要 |
ᠬᠠᠷ ᠠ ᠬᠤᠷᠢᠨ ᠪᠣᠯ ᠡᠷᠲᠡᠨ ᠤ ᠮᠣᠩᠭᠤᠯ ᠤᠨ ᠤᠤᠭᠠᠨ ᠨᠡᠢᠰᠯᠡᠯ ᠪᠣᠯᠤᠨ᠎ᠠ᠂ᠴᠢᠩᠬᠢᠰ ᠬᠠᠭᠠᠨ ᠤ ᠦᠶ ᠡ ᠳ᠋ᠤ ᠠᠩᠬ ᠠ ᠪᠠᠢᠭᠤᠯᠤᠭᠳᠠᠵᠤ᠂ ᠦᠭᠡᠳᠡᠢ ᠬᠭᠠᠨ ᠤ ᠦᠶ ᠡ ᠳ᠋ᠤ ᠦᠷᠭᠡᠳᠭᠡᠨ ᠵᠠᠰᠠᠵᠤ ᠮᠦᠩᠾᠡ ᠬᠠᠭᠠᠨ ᠤ ᠦᠶ ᠡ ᠳ᠋ᠤ ᠮᠠᠰᠢ ᠦᠷᠨᠢ ᠬᠦᠭᠵᠢᠭᠡᠳ᠂ ᠲᠣᠬᠠᠢ ᠶᠢᠨ ᠦᠶ ᠡ ᠶᠢᠨ ᠮᠣᠩᠭᠤᠯ ᠤᠨ ᠤᠯᠤᠰ ᠲᠦᠷᠦ᠂ ᠠᠵᠤ ᠠᠬᠤᠢ᠂ ᠴᠡᠷᠢᠭ ᠲᠠᠢᠨ᠂ ᠰᠣᠶᠣᠯ ᠪᠣᠯᠪᠠᠰᠤᠨ ᠤ ᠲᠣᠮᠤᠬᠠᠨ ᠲᠦᠪ ᠪᠣᠯᠵᠤ ᠬᠤᠪᠢᠷᠠᠵᠠᠢ᠃ ᠣᠨᠴᠠᠭᠠᠢᠯᠠᠨ ᠮᠣᠩᠭᠤᠯ ᠣᠷᠤᠨ ᠤ ᠦᠷᠭᠡᠵᠢᠯ ᠬᠢᠭᠡᠳ ᠲᠤᠮᠳᠠᠳᠤ ᠂ ᠦᠷᠦᠨᠡᠳᠦ ᠣᠷᠤᠨ ᠯᠤᠭ᠎ᠠ ᠶᠢᠨ ᠬᠠᠷᠢᠯᠴᠠᠭᠠᠨ ᠤ ᠬᠦᠨᠵᠡᠭᠡᠢᠷᠡᠯ ᠢ ᠲᠠᠭᠠᠯᠳᠤᠨ᠂ ᠲᠤᠳᠤᠭᠠᠳᠤ ᠭᠠᠳᠠᠭᠠᠳᠤ ᠶᠢᠨ ᠠᠵᠤ ᠠᠬᠤᠢ ᠡᠳ᠋ ᠤᠨ ᠵᠠᠰᠠᠭ ᠠᠷᠠᠯᠵᠢᠶ ᠠ ᠰᠣᠯᠢᠯᠴᠠᠭ᠎ᠠ ᠦᠳᠲᠡᠷ ᠲᠦᠷᠭᠡᠨ ᠭᠦᠭᠵᠢᠵᠦ᠂ ᠬᠦᠢᠰᠦ ᠨᠤᠲᠤᠭ ᠬᠠᠷ ᠠ ᠬᠤᠷᠢᠨ ᠳᠤ ᠣᠷᠤᠨ ᠨᠤᠲᠤᠭ ᠤᠨ ᠣᠨᠴᠠᠯᠢᠭ ᠪᠦᠬᠦᠢ ᠮᠣᠩᠭᠤᠯ ᠭᠤᠳᠠᠯᠳᠤᠭᠠ ᠦᠷᠨᠢᠨ ᠡᠬᠢᠯᠡᠵᠡᠢ᠃ ᠬᠠᠷ ᠠ ᠬᠤᠷᠢᠨ ᠤ ᠮᠣᠩᠭᠤᠯ ᠬᠤᠳᠠᠯᠳᠤᠭ᠎ᠠ ᠨᠢ ᠠᠳᠤᠭᠤ ᠮᠠᠯ ᠠᠷᠠᠰᠤ ᠨᠤᠤᠰᠤ᠂ ᠠᠢᠷᠠᠭ ᠰᠦ᠋᠂ ᠨᠤᠭᠤᠭ᠎ᠠ ᠲᠠᠷᠢᠶ ᠠ᠂ ᠡᠪᠡᠰᠦ ᠲᠦᠯᠡᠡ ᠵᠢᠴᠢ ᠪᠣᠰᠤᠳ ᠡᠳᠦᠷ ᠲᠣᠲᠤᠮ ᠤᠨ ᠭᠡᠷᠡᠭᠴᠡᠭᠡᠨ ᠤ ᠡᠳ᠋ᠯᠡᠬᠦᠨ ᠢᠢᠡᠷ ᠭᠤᠤᠯᠯᠠᠨ᠂ ᠬᠭᠤᠲᠠ ᠶᠢᠨ ᠬᠠᠷᠠᠴᠤᠤᠯ ᠤᠨ ᠪᠠᠢᠩᠭᠤ ᠶᠢᠨ ᠭᠡᠷᠡᠭᠴᠡᠭᠡ ᠵᠢ ᠬᠠᠩᠭᠠᠬᠤ ᠳ᠋ᠤ ᠰᠠᠭᠤᠷᠢᠯᠠᠵᠤ᠂ ᠭᠠᠳᠠᠭᠠᠳᠤ ᠶᠢᠨ ᠰᠣᠨᠢᠨ ᠭᠠᠢᠬᠠᠯᠲᠠᠢ ᠡᠳ᠋ ᠪᠠᠷᠠᠭ᠎ᠠ ᠳ᠋ᠤ ᠬᠠᠨᠳᠤᠯᠭᠠᠲᠠᠢ ᠪᠠᠢᠵᠤ᠂ ᠠᠷᠢᠯᠵᠢᠶᠠᠨ ᠤ ᠬᠡᠪᠴᠢᠶ ᠠ ᠵᠢ ᠲᠡᠯᠡᠬᠡᠢ ᠶᠢᠨ ᠬᠦᠷᠢᠶᠡᠨ ᠳ᠋ᠤ ᠲᠠᠲᠠᠨ ᠣᠷᠤᠭᠤᠯᠤᠭᠰᠠᠨ ᠪᠦᠭᠡᠳ ᠣᠯᠠᠨ ᠤᠯᠤᠰ ᠤᠨ ᠰᠢᠨᠵᠢ ᠲᠠᠢ ᠪᠣᠯᠭᠠᠵᠠᠢ᠃ ᠡᠨᠡ ᠨᠢ ᠪᠠᠰᠠᠴᠤ ᠮᠣᠩᠭᠤᠯ ᠦᠨᠳᠦᠰᠦᠲᠡᠨ ᠤ ᠰᠣᠶᠣᠯ ᠪᠣᠯᠪᠠᠰᠤᠨ ᠤ ᠲᠦᠪᠰᠢᠨ ᠴᠢᠨᠠᠭᠰᠢᠲᠠ ᠠᠬᠢᠭᠰᠠᠨ ᠤ ᠪᠡᠯᠭᠡ ᠲᠡᠮᠲᠡᠭ ᠮᠦᠨ᠃ |