摘要 |
ᠬᠦᠮᠦᠨ ᠲᠦᠷᠦᠩᠭᠦᠳᠡ ᠪᠠᠨ ᠲᠤᠰᠬᠠᠢ ᠨᠢᠭᠡ ᠦᠨᠳᠦᠰᠦᠲᠡᠨ ᠤ ᠰᠣᠶᠣᠯ ᠤᠨ ᠣᠷᠴᠢᠨ ᠲᠤᠭᠤᠷᠢᠨ ᠳ᠋ᠤ ᠤᠷᠤᠰᠢᠵᠤ᠂ ᠪᠤᠢᠵᠢᠯᠲᠠ ᠶᠢᠨ ᠬᠤᠭᠤᠴᠠᠭᠠᠨ ᠳ᠋ᠠᠭᠠᠨ ᠦᠨᠳᠦᠰᠦᠨ ᠲᠡᠭᠡᠷ ᠡ ᠪᠠᠨ ᠡᠨᠡᠬᠦ ᠦᠨᠳᠦᠰᠦᠲᠡᠨ ᠤ ᠰᠣᠶᠣᠯ ᠤᠨ ᠦᠨᠦᠬᠦᠵᠢᠯ ᠪᠠ ᠰᠤᠷᠭᠠᠯ ᠢ ᠠᠯᠪᠠᠳᠠᠯᠭ᠎ᠠ ᠪᠡᠷ ᠬᠦᠯᠢᠶᠡᠵᠦ ᠪᠠᠢᠳᠠᠭ᠃ ᠢᠩᠬᠢᠭᠡᠳ ᠬᠦᠮᠦᠰ ᠤᠨ ᠶᠡᠬᠡ ᠲᠠᠷᠢᠬᠢᠨ ᠳ᠋ᠤ ᠨᠡᠯᠢᠶᠡᠳ ᠲᠤᠭᠲᠠᠩᠭᠤᠢ ᠠᠮᠢᠳᠤᠷᠠᠯ ᠤᠨ ᠬᠠᠷᠢᠴᠠᠭᠠᠨ ᠤ ᠰᠢᠰᠲ᠋ᠸᠮ ᠪᠤᠢ ᠪᠣᠯᠵᠤ᠂ ᠡᠯ ᠠ ᠵᠦᠢᠯ ᠤᠨ ᠦᠵᠡᠯ ᠲᠠᠨᠢᠯᠲᠠ ᠪᠣᠯᠤᠨ ᠰᠡᠳᠬᠢᠴᠡ ᠶᠢᠨ ᠲᠤᠭᠲᠠᠴᠠ ᠲᠠᠭᠠᠯᠳᠤᠨ ᠪᠤᠢ ᠪᠣᠯᠳᠠᠭ᠃ ᠡᠭᠦᠨ ᠤ ᠰᠠᠭᠤᠷᠢᠨ ᠲᠡᠭᠡᠷ ᠡ ᠬᠦᠮᠦᠨ ᠰᠠᠶᠢ ᠡᠯ ᠠ ᠵᠦᠢᠯ ᠤᠨ ᠨᠡᠢᠭᠡᠮ ᠤᠨ ᠦᠢᠯᠡᠳᠦᠯᠭᠡ ᠳ᠋ᠤ ᠬᠦᠨᠵᠡᠭᠡᠢᠢᠷᠡᠨ᠂ ᠪᠤᠳᠤᠯᠢᠶᠠᠨᠳᠠᠢ ᠮᠡᠳᠡᠯᠭᠡ ᠡᠷᠳᠡᠮ ᠢ ᠬᠦᠯᠢᠶᠡᠨ ᠠᠪᠴᠤ᠂ ᠦᠨᠳᠦᠰᠦᠲᠡᠨ ᠤ ᠪᠠᠨ ᠰᠣᠶᠣᠯ ᠢ ᠨᠡᠯᠢᠶᠡᠳ ᠬᠦᠨᠵᠡᠭᠡᠢ ᠤᠢᠯᠠᠭᠠᠨ ᠵᠦᠪ ᠢᠢᠡᠷ ᠦᠨᠡᠯᠡᠬᠦ ᠪᠣᠯᠤᠯᠴᠠᠭ᠎ᠠ ᠲᠠᠢ ᠪᠤᠯᠵᠤ᠂ ᠦᠪᠡᠷ ᠤᠨ ᠦᠵᠡᠯ ᠰᠠᠨᠠᠭ᠎ᠠ᠂ ᠲᠠᠨᠢᠯᠲᠠ ᠪᠠᠨ ᠡᠯᠪᠡᠭ ᠪᠠᠶᠠᠯᠢᠭ ᠬᠦᠨᠵᠡᠭᠡᠢ ᠲᠡᠰᠠᠢ ᠪᠠᠨ ᠬᠦᠭᠵᠢᠬᠦᠯᠵᠦ ᠪᠠᠢᠳᠠᠭ᠃ |