题名 |
ᠮᠡᠷᠭᠡᠨ ᠬᠡᠢᠢᠳ ᠤᠨ ᠬᠤᠷᠠᠯ ᠨᠣᠮ ᠤᠨ ᠣᠩᠰᠢᠯᠭ᠎ᠠ ᠤᠨ ᠬᠦᠭ ᠠᠶᠠᠯᠭᠤ ᠵᠢ ᠠᠵᠢᠭᠯᠠᠬᠤ ᠨᠢ |
作者 |
ᠬᠠᠰ |
关键词 |
ᠮᠡᠷᠭᠡᠨ ᠬᠡᠢᠢᠳ; ᠮᠣᠩᠭᠤᠯ ᠤᠩᠰᠢᠯᠭ᠎ᠠ; ᠬᠦᠭ ᠠᠶᠠᠯᠭᠤ |
摘要 |
ᠪᠣᠷᠬᠠᠨ ᠤ ᠱᠠᠰᠢᠨ ᠤ ᠮᠣᠩᠭᠤᠯ ᠣᠩᠰᠢᠯᠭ᠎ᠠ ᠶᠢᠨ ᠬᠦᠭ ᠠᠶ ᠠ ᠪᠣᠯ ᠮᠣᠩᠭᠤᠯ ᠦᠰᠦᠭ ᠪᠢᠴᠢᠭ ᠲᠡᠭᠡᠷ ᠡ ᠪᠢᠴᠢᠭᠳᠡᠭᠰᠡᠨ ᠪᠣᠷᠬᠠᠨ ᠤ ᠱᠠᠰᠢᠨ ᠤ ᠰᠣᠳᠤᠷ ᠨᠣᠮ ᠢ ᠮᠣᠩᠭᠤᠯ ᠬᠡᠯᠡ ᠪᠡᠷ ᠣᠩᠰᠢᠬᠤ ᠦᠶ ᠠ ᠳ᠋ᠤ ᠪᠦᠷᠢᠯᠳᠦᠨ ᠲᠤᠭᠲᠠᠨᠢᠭᠰᠠᠨ ᠬᠦᠭ ᠠᠶ ᠠ ᠪᠣᠯᠤᠨ᠎ᠠ᠃ ᠲᠡᠷᠡ ᠨᠢ ᠬᠡᠳᠦᠢᠪᠡᠷ ᠮᠣᠩᠭᠤᠯ ᠤᠷᠤᠨ ᠤ ᠤᠯᠠᠨ ᠵᠠᠭᠤ ᠪᠡᠷ ᠲᠤᠭᠠᠯᠠᠭᠳᠠᠬᠤ ᠶᠡᠬᠡ ᠪᠠᠭ᠎ᠠ ᠰᠦᠮ ᠠ ᠬᠡᠢᠢᠳ ᠤᠳ ᠤᠨ ᠲᠤᠳᠤᠷ ᠠ ᠵᠦᠪᠬᠡᠨ ᠮᠡᠷᠭᠡᠨ ᠭᠡᠢᠢᠳ ᠤᠳ ᠤᠨ ᠲᠤᠳᠤᠷ ᠠ ᠵᠦᠪᠭᠡᠨ ᠮᠡᠷᠭᠡᠨ ᠬᠡᠢᠢᠳ ᠮᠡᠳᠦ ᠮᠠᠰᠢ ᠴᠦᠬᠡᠨ ᠲᠤᠭᠠᠨ ᠤ ᠮᠣᠩᠭᠤᠯ ᠣᠩᠰᠢᠯᠭᠠᠲᠤ ᠰᠦᠮ ᠠ ᠨᠣᠭᠦᠳ ᠲᠤ ᠦᠯᠡᠳᠡᠨ ᠪᠠᠢᠳᠠᠭ ᠪᠣᠯᠪᠠᠴᠦ ᠦᠨᠳᠦᠰᠦᠲᠡᠨ ᠤ ᠣᠨᠴᠠᠯᠢᠭ ᠢᠢᠡᠷ ᠢᠢᠡᠨ ᠬᠠᠮᠭ ᠡᠴᠡ ᠲᠤᠳᠤ ᠲᠤᠪᠤᠭᠤᠷ ᠱᠠᠰᠢᠨ ᠤ ᠠᠶ ᠠ ᠲᠠᠭᠤᠤ ᠪᠣᠯᠤᠨ᠎ᠠ᠃ ᠮᠦᠨ ᠴᠦ ᠮᠣᠩᠭᠤᠯ ᠪᠣᠷᠬᠠᠨ ᠤ ᠱᠠᠰᠢᠨ ᠤ ᠨᠣᠮ ᠣᠩᠰᠢᠯᠭ ᠠ ᠶᠢᠨ ᠠᠶ ᠠ ᠪᠠ ᠪᠦᠬᠦᠢᠯᠡ ᠮᠣᠩᠭᠤᠯ ᠪᠣᠷᠬᠠᠨ ᠤ ᠱᠠᠰᠢᠨ ᠤ ᠰᠣᠶᠣᠯ ᠤᠨ ᠰᠢᠰᠲ᠋ᠸᠮ ᠲᠤᠳᠤᠷ ᠠ ᠬᠠᠮᠤᠭ ᠡᠴᠡ ᠲᠤᠪᠤᠢᠮ ᠠ ᠣᠨᠴᠠᠯᠢᠭ ᠲᠠᠢ ᠪᠦᠭᠡᠳ ᠬᠠᠮᠤᠭ ᠡᠴᠡ ᠴᠢᠬᠤᠯᠠ ᠪᠦᠬᠦᠢ ᠱᠠᠰᠢᠨ ᠰᠤᠷᠲᠠᠬᠤᠨ ᠤ ᠰᠣᠶᠣᠯ ᠤᠨ ᠡᠯᠸᠮᠸᠨ᠋ᠲ ᠶᠣᠮ᠃ ᠲᠤᠰ ᠦᠭᠦᠯᠡᠯ ᠨᠢ ᠲᠠᠪᠤᠨ ᠦᠨᠳᠦᠰᠦᠨ ᠨᠤᠲ ᠤᠨ ᠰᠠᠭᠤᠷᠢᠨ ᠳ᠋ᠤ ᠮᠣᠩᠭᠤᠯ ᠣᠩᠰᠢᠯᠭ᠎ᠠ ᠬᠢᠭᠡᠳ ᠲᠦᠪᠡᠳ ᠣᠩᠰᠢᠯᠭ᠎ᠠ ᠵᠢ ᠰᠢᠨᠵᠢᠯᠡᠪᠡ᠃ |
原文 |
查看原文
|
出自 |
赤峰学院学报(蒙文哲学社会科学版)
2016年
第5期
|