题名 |
ᠬᠤᠪᠢ ᠬᠦᠮᠦᠨ ᠤ ᠪᠦᠳᠦᠭᠡᠯ ᠠᠷᠠᠳ ᠤᠨ ᠲᠠᠭᠤᠤ ᠪᠤᠯᠵᠤ ᠲᠠᠷᠬᠠᠬᠤ ᠨᠦᠭᠦᠴᠡᠯ ᠤᠨ ᠰᠤᠳᠤᠯᠤᠯ — ᠮᠡᠷᠭᠡᠨ ᠭᠡᠭᠡᠨ ᠤ ᠲᠠᠭᠤᠤ ᠰᠢᠯᠦᠭ ᠤᠨ ᠵᠢᠱᠢᠶᠡᠨ ᠲᠡᠭᠡᠷ᠎ᠡ |
作者 |
ᠰᠢ • ᠬᠠᠰᠪᠠᠭᠠᠳᠤᠷ |
关键词 |
ᠮᠡᠷᠭᠡᠨ ᠭᠡᠭᠡᠨ; ᠬᠤᠪᠢ ᠬᠦᠮᠦᠨ ᠤ ᠪᠦᠳᠦᠭᠡᠯ; ᠠᠷᠠᠳ ᠤᠨ ᠲᠠᠭᠤᠤ; ᠨᠦᠭᠦᠴᠡᠯ |
摘要 |
ᠦᠭᠦᠯᠡᠯ ᠳᠤ ᠮᠡᠷᠭᠡᠨ ᠭᠡᠭᠡᠨ ᠤ ᠲᠠᠭᠤᠤ ᠰᠢᠯᠦᠭ ᠶᠢᠡᠷ ᠵᠢᠱᠢᠶᠡᠯᠡᠨ ᠬᠤᠪᠢ ᠬᠦᠮᠦᠨ ᠤ ᠪᠦᠳᠦᠭᠡᠯ ᠬᠡᠷᠬᠢᠨ ᠠᠷᠠᠳ ᠤᠨ ᠲᠠᠭᠤᠤ ᠪᠤᠯᠵᠤ ᠬᠤᠪᠢᠷᠠᠨ ᠲᠠᠷᠬᠠᠬᠤ ᠨᠦᠬᠦᠴᠡᠯ ᠰᠢᠯᠳᠠᠭᠠᠨ ᠢ ᠰᠤᠳᠤᠯᠤᠨ ᠰᠢᠨᠵᠢᠯᠡᠵᠡᠢ᠃ ᠤᠷᠠᠳ ᠤᠨ ᠮᠡᠷᠭᠡᠨ ᠭᠡᠭᠡᠨ ᠯᠤᠪᠰᠠᠩᠳᠠᠮᠪᠢᠵᠠᠯᠰᠠᠨ ᠨᠢᠭᠡ ᠨᠠᠰᠤᠨ ᠳᠤ ᠪᠠᠨ ᠤᠯᠠᠨ ᠲᠠᠭᠤᠤ ᠵᠤᠬᠢᠶᠠᠵᠤ ᠦᠩᠭᠡᠷᠡᠭᠰᠡᠨ ᠪᠦᠭᠡᠳ ᠲᠡᠷᠡ ᠨᠢ ᠠᠷᠠᠳ ᠤᠨ ᠲᠤᠮᠳᠠ ᠤᠯᠠᠮᠵᠢᠯᠠᠭᠳᠠᠨ ᠲᠡᠯᠭᠡᠷᠡᠵᠦ ᠤᠳᠤ ᠪᠤᠯᠵᠠᠢ᠃ ᠵᠤᠬᠢᠶᠠᠭᠴᠢ ᠡᠴᠡ ᠲᠡᠭᠦᠨ ᠤ ᠤᠴᠢᠷ ᠰᠢᠯᠳᠠᠭᠠᠨ ᠢ ᠤᠨᠤᠯ ᠤᠨ ᠨᠦᠬᠦᠴᠡᠯ᠂ ᠨᠡᠢ᠌ᠭᠡᠮ ᠤᠨ ᠨᠦᠬᠦᠴᠡᠯ᠂ ᠪᠡᠶᠡᠴᠢ ᠨᠦᠬᠦᠴᠡᠯ᠂ ᠰᠤᠶᠤᠯ ᠤᠨ ᠨᠦᠬᠦᠴᠡᠯ᠂ ᠠᠮᠠᠨ ᠤᠯᠠᠮᠵᠢᠯᠠᠯ ᠪᠠ ᠤᠯᠠᠮᠵᠢᠯᠠᠨ ᠲᠠᠷᠬᠠᠯᠳᠠ ᠶᠢᠨ ᠨᠦᠬᠦᠴᠡᠯ ᠭᠡᠬᠦ ᠬᠡᠳᠦᠨ ᠲᠠᠯ᠎ᠠ ᠡᠴᠡ ᠰᠢᠨᠵᠢᠯᠡᠨ ᠰᠦᠪᠡᠭ᠍ᠴᠢᠯᠡᠵᠦ᠂ ᠮᠡᠷᠭᠡᠨ ᠭᠡᠭᠡᠨ ᠤ ᠲᠠᠭᠤᠤ ᠰᠢᠯᠦᠭ ᠠᠷᠠᠳ ᠤᠨ ᠲᠠᠭᠤᠤ ᠪᠤᠯᠵᠤ ᠬᠤᠪᠢᠷᠠᠭᠰᠠᠨ ᠦᠨᠳᠦᠰᠦ ᠰᠢᠯᠳᠠᠭᠠᠨ ᠢ ᠬᠠᠢ᠌ᠨ ᠰᠦᠪᠡᠭ᠍ᠴᠢᠯᠡᠵᠡᠢ᠃ ᠡᠨᠡ ᠨᠢ ᠬᠡᠳᠦᠢ᠌ᠪᠡᠷ ᠠᠮᠠᠨ ᠵᠤᠬᠢᠶᠠᠯ ᠤᠨ ᠤᠨᠤᠯ ᠲᠠᠢ ᠵᠦᠷᠢᠴᠡᠯᠳᠦᠬᠦ ᠵᠦᠢᠯ ᠪᠠᠢ᠌ᠪᠠᠴᠤ ᠲᠦᠭᠡᠮᠡᠯ ᠪᠠ ᠤᠨᠴᠠᠭᠠᠢ ᠬᠠᠮᠳᠤ ᠪᠡᠷ ᠤᠷᠤᠰᠢᠬᠤ ᠶᠤᠰᠤᠨ ᠳᠤ ᠨᠡᠢ᠌ᠴᠡᠬᠦ ᠶᠤᠮ ᠭᠡᠵᠦ ᠦᠵᠡᠪᠡ᠃ |
原文 |
查看原文
|
出自 |
西北民族大学学报
2014年
第1期
|