论文信息


题名 《ᠮᠣᠩᠭᠣᠯ ᠤᠨ ᠨᠢᠭᠤᠴᠠ ᠲᠣᠪᠴᠢᠶᠠᠨ》 ᠳ᠋ᠡᠬᠢ《ᠬᠠᠨᠠᠯᠭ᠎ᠠ》ᠭᠡᠮᠡᠬᠦ ᠦᠭᠡ ᠶᠢ ᠰᠢᠨᠵᠢᠯᠡᠬᠦ ᠨᠢ
作者 ᠳ•ᠬᠦᠭ᠍ᠵᠢᠯᠲᠦ; ᠣ•ᠦᠯᠵᠡᠢ
关键词 ᠬᠠᠨᠠᠯᠭ᠎ᠠ; ᠦᠭᠡ ᠶᠢᠨ ᠤᠳᠬ᠎ᠠ; 《ᠮᠣᠩᠭᠣᠯ ᠤᠨ ᠨᠢᠭᠤᠴᠠ ᠲᠣᠪᠴᠢᠶᠠᠨ》
摘要 《ᠮᠣᠩᠭᠣᠯ ᠤᠨ ᠨᠢᠭᠤᠴᠠ ᠲᠣᠪᠴᠢᠶᠠᠨ》 ᠳ᠋ᠤ ᠭᠠᠷᠳᠠᠭ《ᠬᠠᠨᠠᠯᠬ᠎ᠠ - ᠬᠠᠨᠠᠯᠭ᠎ᠠ》ᠭᠡᠬᠦ ᠦᠭᠡ ᠶᠢ ᠣᠯᠠᠩᠬᠢ ᠣᠷᠴᠢᠭᠤᠯᠭ᠎ᠠ ᠪᠠ ᠪᠠᠭᠤᠯᠭᠠᠪᠤᠷᠢ ᠳᠤ ᠮᠢᠩ ᠤᠯᠤᠰ ᠤᠨ ᠦᠶ᠎ᠡ ᠶᠢᠨ ᠬᠠᠵᠠᠭᠤ ᠶᠢᠨ ᠣᠷᠴᠢᠭᠤᠯᠭ᠎ᠠ ᠶᠢ ᠳᠠᠭᠠᠵᠤ《ᠵᠠᠪᠰᠢᠶᠠᠨ》᠂《ᠰᠢᠯᠳᠠᠭ》ᠭᠡᠵᠦ ᠲᠠᠢ᠌ᠯᠪᠤᠷᠢᠯᠠᠵᠤ ᠪᠠᠢ᠌ᠭ᠎ᠠ ᠳᠤ ᠠᠳᠠᠯᠢ ᠪᠣᠰᠤ ᠰᠠᠨᠠᠯ ᠢᠶᠡᠨ ᠳᠡᠪᠰᠢᠭᠦᠯᠵᠡᠢ᠃ ᠡᠭᠦᠨ ᠳᠥ ᠵᠣᠬᠢᠶᠠᠭᠴᠢ ᠪᠠᠷ ᠲᠤᠰ ᠦᠭᠡ ᠶᠢ ᠠᠨᠠᠭᠠᠬᠤ ᠤᠬᠠᠭᠠᠨ ᠤ ᠲᠡᠥᠬᠡ ᠶᠢᠨ ᠡᠭᠦᠳᠡᠨ ᠡᠴᠡ᠂ ᠬᠢᠲᠠᠳ ᠦᠰᠦᠭ ᠢᠶᠡᠷ ᠭᠠᠯᠢᠭᠯᠠᠵᠤ ᠪᠠᠭᠤᠯᠭᠠᠭᠰᠠᠨ ᠣᠨᠴᠠᠯᠢᠭ ᠡᠴᠡ ᠨᠢ᠂ ᠦᠭᠡ ᠶᠢᠨ ᠢᠵᠠᠭᠤᠷ ᠡᠴᠡ ᠨᠢ ᠪᠠ ᠣᠷᠴᠢᠨ ᠴᠠᠭ ᠤᠨ ᠮᠣᠩᠭᠣᠯ ᠬᠡᠯᠡᠨ ᠳᠥ ᠪᠣᠳᠠᠳᠠᠢ ᠬᠡᠷᠡᠭᠯᠡᠭᠳᠡᠵᠦ ᠪᠠᠢ᠌ᠭ᠎ᠠ ᠪᠠᠢ᠌ᠳᠠᠯ ᠡᠴᠡ ᠨᠢ ᠰᠢᠨᠵᠢᠯᠡᠬᠦ ᠪᠡᠷ ᠳᠠᠮᠵᠢᠭᠠᠳ᠂《ᠨᠢᠭᠤᠴᠠ ᠲᠣᠪᠴᠢᠶᠠᠨ》 ᠳ᠋ᠤ ᠭᠠᠷᠳᠠᠭ《ᠬᠠᠨᠠᠯᠬ᠎ᠠ - ᠬᠠᠨᠠᠯᠭ᠎ᠠ》ᠭᠡᠳᠡᠭ ᠦᠭᠡ ᠪᠣᠯ《ᠰᠤᠳᠠᠯ ᠢ ᠬᠠᠳᠭᠤᠨ ᠴᠢᠰᠤ ᠭᠠᠷᠭᠠᠬᠤ》ᠭᠡᠬᠦ ᠤᠳᠬ᠎ᠠ ᠪᠦᠬᠦᠢ ᠦᠢᠯᠡ ᠦᠭᠡ ᠶᠢᠨ ᠢᠵᠠᠭᠤᠷ ᠦᠨᠳᠦᠰᠦ ᠪᠣᠯᠬᠤ《ᠬᠠᠨᠠ》 ᠳ᠋ᠤ ᠨᠡᠷ᠎ᠡ ᠦᠭᠡ ᠪᠦᠲᠦᠭᠡᠬᠦ《᠊ᠯᠬ᠎ᠠ - ᠊ᠯᠭ᠎ᠠ》ᠳᠠᠭᠠᠪᠤᠷᠢ ᠵᠠᠯᠭᠠᠵᠤ ᠪᠦᠲᠦᠭᠰᠡᠨ《ᠬᠠᠨᠠᠬᠤ ᠦᠢᠯᠡ ᠶᠢ ᠬᠦᠢᠴᠡᠳᠭᠡᠬᠦ ᠠᠵᠯᠯᠠᠭ᠎ᠠ》ᠭᠡᠮᠡᠬᠦ ᠦᠨᠳᠦᠰᠦᠨ ᠤᠳᠬ᠎ᠠ ᠪᠦᠬᠦᠢ ᠦᠢᠯᠡᠲᠦ ᠨᠡᠷ᠎ᠡ ᠮᠦᠨ ᠪᠦᠭᠡᠳ《ᠨᠢᠭᠤᠴᠠ ᠲᠣᠪᠴᠢᠶᠠᠨ》 ᠤ ᠲᠡᠷᠡ ᠬᠥ ᠶᠠᠷᠢᠶᠠᠨ ᠤ ᠣᠷᠴᠢᠨ ᠳᠤ ᠲᠡᠭᠦᠨ ᠢ ᠤᠳᠬ᠎ᠠ ᠰᠢᠯᠵᠢᠭᠦᠯᠵᠦ《ᠠᠯᠠᠯᠳᠤᠭᠠᠨ᠂ ᠲᠤᠯᠤᠯᠳᠤᠭᠠᠨ᠂ ᠬᠢᠲᠤᠯᠭ᠎ᠠ》ᠭᠡᠬᠦ ᠮᠡᠳᠦ ᠶᠢᠨ ᠤᠳᠬ᠎ᠠ ᠪᠠᠷ ᠬᠡᠷᠡᠭᠯᠡᠭᠰᠡᠨ ᠪᠣᠯᠣᠭᠴᠠᠭ᠎ᠠ ᠨᠢ ᠲᠤᠩ ᠶᠡᠬᠡ ᠪᠣᠢ ᠭᠡᠵᠦ ᠦᠵᠡᠭᠰᠡᠨ ᠪᠠᠢ᠌ᠨ᠎ᠠ᠃
原文 查看原文
出自 内蒙古民族大学学报(社会科学) 2007年 第1期

联系我们


内蒙古大学图书馆
呼和浩特市大学西路235号
中国·内蒙古
P: (0471) 4992561
E: huangfeilong@imu.edu.cn