摘要 |
《 ᠲᠢᠶᠠᠨᠬᠦᠤ》᠋ ᠪᠤᠯ ᠬᠤᠷᠴᠢᠨ ᠨᠤᠳᠤᠭ ᠲᠤ ᠦᠷᠭᠡᠨ ᠲᠠᠯᠭᠡᠷ ᠤᠯᠠᠮᠵᠢᠯᠠᠭᠳᠠᠵᠦ ᠲᠠᠷᠬᠠᠭᠰᠠᠨ ᠲᠦᠰᠢᠶᠠᠳᠤ ᠠᠷᠠᠳ ᠤᠨ ᠰᠠᠢᠨ ᠡᠷᠡ ᠶᠢᠨ ᠲᠠᠭ᠋ᠤᠤ ᠪᠤᠯᠤᠨᠡ᠃ ᠰᠠᠢᠨ ᠡᠷᠡ ᠶᠢᠨ ᠲᠠᠭ᠋ᠤᠤ 《 ᠲᠢᠶᠠᠨᠬᠦᠤ》᠋᠋ ᠶᠢᠨ ᠤᠯᠠᠨ ᠬᠤᠪᠢᠯᠪᠤᠷᠢ ᠡᠭᠡ ᠵᠢ ᠴᠤᠭᠯᠠᠭ᠋ᠤᠯᠵᠦ ᠰᠢᠨᠵᠢᠯᠡᠬᠦ ᠨᠢ ᠰᠠᠢᠨ ᠡᠷᠡ ᠶᠢᠨ ᠲᠠᠭ᠋ᠤᠤ ᠳᠤ ᠲᠤᠰᠭᠠᠭᠳᠠᠵᠦ ᠪᠠᠢᠭᠡ ᠠᠭ᠋ᠤᠯᠭᠡ ᠦᠵᠡᠯ ᠰᠠᠨ᠋ᠠᠭᠡ ᠬᠢᠭᠡᠳ ᠰᠤᠶᠤᠯ ᠤᠨ ᠤᠳᠬᠡ ᠵᠢ ᠢᠯᠡᠷᠡᠬᠦᠯᠬᠦ ᠳᠤ ᠮᠠᠰᠢ ᠴᠢᠬᠤᠯᠠ ᠠᠴᠢ ᠬᠤᠯᠪᠤᠭᠳᠠᠯ ᠲᠠᠢ᠃ ᠰᠠᠢᠨ ᠡᠷᠡ ᠶᠢᠨ ᠲᠠᠭ᠋ᠤᠤ 《 ᠲᠢᠶᠠᠨᠬᠦᠤ》᠋᠋ ᠶᠢᠨ ᠦᠯᠢᠭᠡᠷ ᠦᠢᠯᠡ ᠶᠠᠪᠤᠳᠠᠯ ᠨᠢ ᠨᠢᠯᠢᠶᠠᠳ ᠡᠭᠡᠳᠡᠷᠡᠭᠡᠨ ᠪᠤᠳᠤᠯᠢᠶᠠᠨᠳᠡᠢ ᠪᠠᠢᠳᠠᠭ ᠪᠦᠭᠡᠳ ᠲᠤᠰ ᠲᠠᠭ᠋ᠤᠤ ᠲᠠᠢ ᠬᠤᠯᠪᠤᠭᠳᠠᠬᠤ ᠰᠠᠢᠨ ᠡᠷᠡ ᠲᠢᠶᠠᠨᠬᠦᠤ ᠶᠢᠨ ᠠᠮᠢᠳᠤᠷᠠᠯ ᠲᠡᠮᠡᠴᠡᠯ᠂ ᠲᠦᠮᠦ ᠦᠯᠵᠡᠢ ᠶᠢᠨ ᠢᠷᠠᠯ ᠡᠬᠦᠰᠤᠯ ᠤᠨ ᠠᠰᠠᠭ᠋ᠤᠳᠠᠯ ᠵᠠᠷᠭᠡ ᠨᠢ ᠰᠤᠳᠤᠯᠭ᠋ᠠᠴᠢᠳ ᠤᠨ ᠠᠩᠬᠠᠷᠤᠯ ᠢ ᠲᠠᠳᠠᠵᠦ ᠪᠠᠢᠨᠡ᠃ |