摘要 |
ᠠᠮᠢ ᠠᠬᠤᠢ ᠶᠢᠨ ᠤᠳᠬ᠎ᠡ ᠰᠡᠳᠤᠪ ᠪᠤᠯ ᠮᠤᠩᠭᠤᠯ ᠤᠷᠠᠨ ᠵᠤᠬᠢᠶᠠᠯ ᠤᠨ ᠢᠵᠠᠭ᠋ᠤᠷ ᠡᠷᠳᠡᠨ ᠤ ᠤᠯᠠᠮᠵᠢᠯᠡᠯ ᠶᠤᠮ᠃ ᠲᠡᠷᠡ ᠨᠢ ᠤᠳᠤ ᠦᠶ᠎ᠡ ᠶᠢᠨ ᠠᠮᠢ ᠠᠬᠤᠢ ᠶᠢᠨ ᠤᠷᠠᠨ ᠵᠤᠬᠢᠶᠠᠯ ᠤᠨ ᠬᠦᠭᠵᠢᠯ ᠦᠷᠭᠡᠵᠢᠯ ᠢ ᠲᠠᠭ᠋ᠠᠯᠳᠤᠨ ᠲᠦᠷᠦᠭᠳᠡᠭᠰᠡᠨ ᠶᠢᠡᠷ ᠲᠠᠢᠯᠪᠤᠷᠢᠯᠠᠭᠳᠠᠬᠤ ᠦᠭᠡᠢ᠃ ᠲᠡᠬᠦᠨ ᠤ ᠬᠦᠨ ᠵᠤᠵᠠᠭ᠋ᠠᠨ ᠦᠨᠳᠤᠰᠤ ᠰᠤᠷᠪᠤᠯᠵᠢ ᠨᠢ ᠰᠤᠶᠤᠯ ᠤᠨ ᠤᠨᠴᠠᠯᠢᠭ᠂ ᠱᠠᠰᠢᠨ ᠰᠢᠳᠤᠯᠭᠡ ᠲᠠᠢ ᠪᠠᠨ ᠨᠢᠭᠳᠠ ᠤᠶᠠᠯᠳᠤᠵᠦ ᠪᠠᠢᠳᠠᠭ᠃ ᠮᠤᠩᠭᠤᠯ ᠠᠷᠠᠳ ᠤᠨ ᠠᠮᠠᠨ ᠵᠤᠬᠢᠶᠠᠯ ᠤᠨ ᠠᠭ᠋ᠤᠯᠭᠡ ᠤᠳᠬ᠎ᠡ ᠪᠠ ᠰᠤᠷᠪᠤᠯᠵᠢ ᠪᠢᠴᠢᠭ ᠲᠤ ᠲᠠᠮᠳᠡᠭᠯᠡᠭᠳᠡᠭᠰᠡᠨ ᠵᠠᠩᠰᠢᠯ ᠤᠨ ᠬᠠᠤᠯᠢ ᠲᠡᠷᠢᠭᠦᠨᠳᠡᠨ ᠨᠢ ᠡᠬᠦᠨ ᠳᠤ ᠪᠠᠷᠢᠮᠳᠠ ᠪᠤᠯᠵᠦ ᠪᠠᠢᠭ᠎ᠡ ᠶᠤᠮ᠃ ᠤᠳᠤ ᠦᠶ᠎ᠡ ᠶᠢᠨ ᠠᠮᠢ ᠠᠬᠤᠢ ᠶᠢᠨ ᠤᠷᠠᠨ ᠵᠤᠬᠢᠶᠠᠯ ᠤᠨ ᠤᠳᠬ᠎ᠡ ᠰᠡᠳᠤᠪ ᠤᠨ ᠰᠤᠷᠪᠤᠯᠵᠢ ᠨᠢ ᠠᠷᠠᠳ ᠤᠨ ᠠᠮᠠᠨ ᠵᠤᠬᠢᠶᠠᠯ ᠪᠠ ᠵᠠᠩᠰᠢᠯ ᠤᠨ ᠬᠠᠤᠯᠢ ᠡᠴᠨ ᠤᠯᠪᠠᠭᠡ ᠲᠠᠢ᠃ |