题名 |
ᠬᠤᠷᠴᠢᠨ ᠪᠦᠭᠡ ᠶᠢᠨ ᠱᠠᠰᠢᠨ ᠤ ᠤᠩᠭ᠋ᠤᠳ ᠤᠷᠤᠭᠤᠯᠬᠤ ᠶᠠᠪᠤᠴᠠ ᠶᠢᠨ ᠲᠤᠬᠠᠢ |
作者 |
ᠨᠡᠪᠴᠢ |
关键词 |
ᠬᠤᠷᠴᠢᠨ; ᠪᠦᠬᠡ; ᠤᠩᠭ᠋ᠤᠳ ᠤᠷᠤᠭᠤᠯᠬᠤ |
摘要 |
ᠪᠦᠭᠡ ᠶᠢᠨ ᠱᠠᠰᠢᠨ ᠪᠤᠯ ᠮᠤᠩᠭ᠋ᠤᠯᠴᠤᠳ ᠤᠨ ᠪᠠᠯᠠᠷ ᠡᠷᠳᠡᠨ ᠤ ᠱᠠᠰᠢᠨ ᠰᠢᠳᠦᠯᠭᠡ ᠶᠢᠨ ᠨᠢᠭᠡᠨ ᠬᠡᠯᠪᠡᠷᠢ ᠪᠤᠯᠤᠨ᠎ᠠ᠃ ᠪᠠᠰᠠ ᠴᠤ ᠡᠨᠡ ᠬᠦ ᠲᠦᠰᠦᠭᠡᠯᠡᠯᠳᠡ ᠳᠤ ᠪᠠᠨ ᠲᠦᠰᠢᠭᠯᠡᠵᠦ ᠪᠤᠢ ᠪᠤᠯᠤᠭᠰᠠᠨ ᠬᠦᠮᠦᠰ ᠤᠨ ᠰᠢᠳᠦᠯᠭᠡ ᠪᠢᠰᠢᠷᠡᠯ ᠶᠤᠮ᠃ ᠪᠦᠭᠡ ᠶᠢᠨ ᠱᠠᠰᠢᠨ ᠪᠤᠯ ᠭᠤᠷᠪᠠᠨ ᠦᠭᠡᠢ ᠪᠠᠢᠢᠬᠤ ᠶᠢ ᠡᠷᠬᠢᠮᠯᠡᠳᠡᠭ᠂ ᠲᠠᠷᠤᠢ ᠱᠠᠰᠢᠨ ᠤ ᠲᠦᠷᠢᠮ᠂ ᠱᠠᠰᠢᠨ ᠤ ᠰᠤᠳᠤᠷ ᠪᠠ ᠱᠠᠰᠢᠨ ᠤ ᠲᠤᠭᠠᠩ ᠪᠤᠯᠤᠨ᠎ᠠ᠃ ᠭᠡᠪᠡᠴᠦ ᠲᠡᠭᠦᠨ ᠤ ᠰᠢᠳᠦᠯᠭᠡ ᠶᠢᠨ ᠤᠬᠠᠭᠳᠠᠬᠤᠨ ᠨᠢ ᠪᠦᠭᠡ ᠨᠠᠷ ᠪᠠ ᠤᠯᠠᠨ ᠲᠦᠮᠡᠨ ᠤ ᠴᠡᠭᠡᠵᠢᠯᠡᠭᠰᠡᠨ ᠠᠮᠠᠨ ᠤᠩᠰᠢᠯᠭ᠎ᠠ ᠪᠠ ᠵᠠᠩ ᠵᠠᠩᠰᠢᠯ ᠶᠢᠡᠷ ᠲᠠᠮᠵᠢᠨ ᠤᠯᠠᠮᠵᠢᠯᠠᠭᠳᠠᠨ ᠢᠷᠡᠵᠡᠢ᠃ ᠮᠦᠨ ᠴᠦ ᠲᠠᠭᠤᠤ ᠪᠦᠵᠢᠭ᠌᠂ ᠲᠠᠯ᠎ᠠ ᠬᠡᠩᠭᠡᠷᠭᠡ᠂ ᠲᠤᠯᠢ᠂ ᠵᠢᠳᠡ ᠰᠡᠯᠡᠮ᠎ᠡ ᠵᠡᠷᠭᠡ ᠪᠡᠷ ᠲᠠᠮᠵᠢᠵᠤ ᠢᠷᠡᠭᠰᠡᠨ ᠡᠷᠳᠡᠨ ᠤ ᠰᠢᠳᠦᠯᠭᠡ ᠪᠢᠯᠡ᠃ ᠡᠳᠦᠭᠡ ᠪᠤᠯᠳᠠᠯ᠎ᠠ᠂ ᠪᠦᠭᠡ ᠢᠳᠤᠭᠠᠨ ᠨᠢ ᠭᠤᠤᠯᠳᠠᠭᠤ ᠦᠪᠦᠷ ᠮᠤᠩᠭ᠋ᠤᠯ ᠤᠨ ᠬᠤᠷᠴᠢᠨ ᠨᠤᠳᠤᠭ ᠲᠤ ᠲᠦᠪᠯᠡᠷᠡᠨ ᠲᠠᠷᠬᠠᠵᠤ᠂ ᠲᠤᠬᠠᠢ ᠶᠢᠨ ᠭᠠᠵᠠᠷ ᠤᠨ ᠬᠦᠮᠦᠰ ᠤᠨ ᠦᠢᠯᠡᠳᠪᠦᠷᠢᠯᠡᠯ ᠠᠮᠢᠳᠤᠷᠠᠯ ᠪᠠ ᠰᠤᠶᠤᠯ ᠢ ᠨᠦᠯᠦᠭᠡᠯᠡᠭᠰᠡᠭᠡᠷ ᠢᠷᠡᠭᠰᠡᠨ ᠪᠠᠢᠢᠨ᠎ᠠ᠃ ᠲᠤᠰ ᠦᠭᠦᠯᠡᠯ ᠳᠤ ᠬᠤᠷᠴᠢᠨ ᠭᠡᠬᠦ ᠨᠡᠷ᠎ᠡ ᠶᠢᠨ ᠢᠷᠡᠯᠳᠡ᠂ ᠪᠦᠭᠡ ᠶᠢᠨ ᠡᠭᠦᠰᠦᠯ ᠂ ᠪᠦᠭᠡ ᠶᠢᠨ ᠡᠷᠳᠡᠨ ᠪᠠ ᠡᠳᠦᠭᠡ ᠶᠢᠨ ᠤᠳᠬ᠎ᠠ ᠠᠭᠤᠯᠭ᠎ᠠ ᠶᠢᠨ ᠬᠠᠷᠢᠴᠠᠭᠤᠯᠤᠯ ᠪᠠ ᠪᠦᠭᠡ ᠶᠢᠨ ᠱᠠᠰᠢᠨ ᠤ ᠰᠠᠬᠢᠭᠤᠰᠤ ᠤᠷᠤᠭᠤᠯᠬᠤ ᠶᠠᠪᠤᠴᠠ ᠵᠡᠷᠭᠡ ᠲᠠᠯ᠎ᠠ ᠡᠴᠡ ᠪᠢᠴᠢᠭᠰᠡ ᠪᠠᠢᠢᠨ᠎ᠠ᠃ |
原文 |
查看原文
|
出自 |
赤峰学院学报(蒙文哲学社会科学版)
2015年
第3期
|