摘要 |
ᠤᠯᠤᠰ ᠦᠨᠳᠦᠰᠦᠲᠡᠨ ᠤ ᠮᠢᠨᠢ ᠬᠦᠭᠵᠢᠯ ᠤᠨ ᠪᠡᠯᠭᠡ ᠲᠡᠮᠳᠡᠭ ᠪᠣᠯᠤᠭᠰᠠᠨ ᠪᠠᠭᠠᠴᠤᠳ ᠮᠢᠨᠢ ᠰᠣᠨᠢᠷᠬᠠᠯ ᠤᠨ ᠬᠠᠷᠠᠴᠠ ᠰᠣᠪᠢᠯ ᠤᠨ ᠴᠡᠭᠡᠵᠢ ᠪᠠᠨ ᠨᠡᠭᠡᠭᠡᠬᠦ ᠨᠢ ᠬᠦᠯᠦᠶᠡᠵᠦᠪᠠᠢᠨᠠ᠃ ᠲᠡᠳᠡᠨ ᠳ᠋ᠤ《ᠦᠯᠦᠭᠡᠢ ᠶᠢᠨ ᠲᠠᠭᠤᠤ》᠂《ᠦᠯᠢᠭᠷ ᠤᠨ ᠤᠭᠤᠲᠠ》᠂ 《ᠦᠰᠦᠯᠲᠡ ᠶᠢᠨ ᠰᠢᠮ ᠡ》᠂《ᠦᠭᠡᠳᠡᠯᠡᠬᠦ ᠶᠢᠨ ᠴᠣᠭ》 ᠲᠠᠢ ᠵᠣᠬᠢᠶᠠᠯ ᠪᠦᠲᠦᠭᠡᠯ ᠬᠠᠷᠠᠬᠠᠨ ᠬᠤᠮᠰᠠᠳᠠᠵᠤ ᠪᠠᠢᠨ᠎ᠠ᠃ ᠲᠡᠳᠡ ᠤᠶᠤᠨ ᠤᠬᠠᠭᠠᠨ ᠤ ᠪᠦᠬᠦᠢᠯᠡ ᠠᠮᠢᠳᠤᠷᠠᠯ ᠢ ᠮᠡᠳᠡᠳᠡᠭ ᠦᠭᠡᠢ ᠴᠦ ᠲᠤᠷᠨᠢᠨ ᠪᠤᠢᠵᠢᠬᠤ ᠶᠢᠨ ᠲᠠᠭᠤᠤ ᠳ᠋ᠠᠭᠠᠨ ᠰᠡᠷᠡᠵᠦ ᠲᠠᠨᠢᠭᠠᠳ᠂ ᠰᠡᠳᠬᠢᠨ ᠳᠣᠳᠤᠯᠬᠢᠯᠡᠵᠦ ᠪᠠᠢᠳᠠᠭ ᠪᠢᠯᠡ᠃ ᠨᠡᠩ ᠴᠦ ᠡᠳᠦᠷ ᠲᠣᠲᠤᠮ ᠤᠨ ᠠᠮᠢᠳᠤᠷᠠᠯ ᠳ᠋ᠠᠭᠠᠨ 《ᠲᠠᠭᠤᠤ ᠲᠠᠢ》᠂《ᠰᠢᠯᠦᠭ ᠲᠠᠢ》ᠪᠠᠢᠬᠤ ᠵᠢ ᠲᠡᠳᠡ ᠭᠠᠷᠴᠠᠭ᠎ᠠ ᠦᠭᠡᠢ ᠬᠦᠰᠡᠬᠦ ᠶᠣᠮ᠃《ᠬᠦᠷᠦᠰᠦ ᠰᠢᠷᠤᠢ》ᠲᠡᠵᠢᠭᠡᠯ ᠪᠣᠯᠤᠭᠰᠠᠨ ᠲᠡᠭᠡᠳᠦ ᠶᠢᠨ ᠤᠯᠠᠮᠵᠢᠯᠠᠯ᠂ ᠪᠣᠯᠪᠠᠰᠤᠨ ᠲᠡᠦᠬᠡ ᠨᠢ ᠲᠡᠳᠡᠨ ᠤ ᠤᠭᠤᠷᠠᠭ ᠲᠠᠷᠢᠬᠢ᠂ ᠤᠶᠤᠨ ᠰᠠᠨᠠᠭ᠎ᠠ ᠵᠢ ᠰᠢᠮᠡᠵᠢᠬᠦᠯᠬᠦ ᠤᠳᠬ ᠠ ᠶᠢᠨ ᠰᠦᠪᠡᠭᠴᠢ ᠤᠶᠠᠩᠭ᠎ᠠ ᠶᠢᠨ ᠰᠢᠵᠢᠮ ᠤᠨ ᠡᠬᠢ ᠪᠠᠶᠠᠯᠢᠭ ᠮᠦᠨ᠃ ᠡᠳᠡᠭᠡᠷ ᠰᠦᠪᠡᠭᠴᠢ ᠰᠢᠵᠢᠮ ᠢ ᠭᠡᠨ ᠠᠳᠬᠤᠭᠤᠯᠬᠤ ᠪᠤᠢ? ᠭᠡᠪᠡᠯ᠂ ᠶᠠᠷᠢᠶᠠᠨ ᠦᠭᠡᠢ ᠮᠠᠨ ᠤ ᠬᠡᠦᠬᠡᠳ ᠤᠨ ᠵᠣᠬᠢᠶᠠᠯ ᠢ ᠪᠦᠲᠦᠭᠡᠭᠴᠢᠳ ᠪᠣᠯᠤᠨ᠎ᠠ᠃ ᠲᠡᠳᠡᠨ ᠤ ᠠᠮᠢᠳᠤᠷᠠᠯ ᠤᠨ ᠪᠢᠷ᠂ ᠵᠢᠷᠤᠬᠠᠨ ᠤ ᠴᠤᠤᠷᠢᠶᠠᠨ ᠲᠤᠨᠢᠪᠦᠷ ᠰᠢᠩᠭᠡᠭᠡᠯᠳᠡᠳᠡᠢ ᠰᠠᠨ! |