摘要 |
ᠲᠤᠤᠯᠢ 《ᠵᠠᠩᠭᠠᠷ》 ᠤᠨ ᠡᠭᠦᠳᠦᠨ ᠪᠦᠷᠢᠯᠳᠦᠭᠰᠡᠨ ᠪᠠ ᠲᠦᠯᠦᠪᠰᠢᠷᠡᠨ ᠲᠤᠭᠲᠠᠪᠤᠷᠢᠵᠢᠭᠰᠠᠨ ᠴᠠᠭ ᠦᠶ ᠠ ᠢ ᠲᠤᠳᠤᠷᠠᠭᠤᠯᠬᠤ ᠠᠰᠠᠭᠤᠳᠠᠯ ᠡᠳᠦᠭᠡ ᠮᠦᠨ ᠯᠡ 《ᠵᠠᠩᠭᠠᠷ》 ᠤᠨ ᠰᠣᠳᠣᠯᠣᠯ ᠤᠨ ᠬᠦᠷᠢᠶᠡᠨ ᠳ᠋ᠤᠴᠢᠬᠤᠯᠠ ᠪᠠᠢᠷᠢ ᠵᠢ ᠡᠵᠡᠯᠡᠵᠦ᠂ ᠰᠢᠨᠵᠢᠯᠡᠨ ᠶᠠᠷᠢᠯᠴᠠᠬᠤ《ᠴᠡᠩᠭᠡᠯᠲᠡᠢ ᠵᠤᠭᠤᠭ》ᠪᠤᠯᠤᠭᠰᠠᠭᠠᠷ ᠪᠠᠢᠨ᠎ᠠ᠃ ᠮᠢᠨᠦ ᠪᠡᠶ ᠠ ᠭᠡᠳ ᠬᠡᠳᠦᠯ ᠵᠢᠯ ᠤᠨ ᠡᠮᠦᠨ᠎ᠡ ᠡᠨᠡ ᠲᠤᠬᠠᠢ ᠳ᠋ᠤ ᠦᠭᠡ ᠲᠦᠷᠢᠵᠦ᠂ 《《ᠵᠠᠩᠭᠠᠷ》 ᠪᠣᠯ ᠦᠨᠳᠦᠰᠦᠲᠡᠨ ᠤ ᠲᠤᠤᠯᠢ ᠭᠡᠳᠡᠭ ᠡᠴᠡ ᠰᠡᠳᠦᠪᠯᠡᠬᠦ ᠨᠢ》 ᠭᠡᠳᠡᠭ ᠪᠣᠯᠬᠢ ᠦᠭᠦᠯᠡᠯ ᠳ᠋ᠡᠭᠡᠨ᠄《《ᠵᠠᠩᠭᠠᠷ》 ᠤᠨ ᠲᠤᠤᠯᠢ ᠡᠬᠢᠯᠡᠨ ᠡᠭᠦᠰᠦᠭᠰᠡᠨ ᠡᠴᠡ ᠪᠠᠨ ᠬᠡᠯᠪᠡᠷᠢᠵᠢᠨ ᠲᠤᠭᠲᠠᠪᠤᠷᠢᠵᠢᠳᠠᠯ ᠠ ᠤᠯᠠᠨ ᠦᠶ ᠡ ᠰᠤᠨᠳᠠᠯᠠᠵᠤ᠂ ᠠᠳᠠᠯᠢ ᠪᠣᠰᠤ ᠶᠢᠨ ᠨᠡᠢᠭᠡᠮ ᠤᠨ ᠭᠦᠭᠵᠢᠯ ᠤᠨ ᠱᠠᠲᠤ ᠵᠢ ᠦᠩᠭᠡᠷᠡᠭᠡᠨ᠂ ᠠᠯᠢ ᠤᠯᠠᠨ ᠲᠡᠦᠬᠡᠨ ᠤᠷᠤᠮ ᠢ ᠦᠯᠡᠳᠡᠭᠡᠵᠦ᠂ ᠤᠳᠠᠭᠠᠨ ᠡᠳᠦᠷ ᠵᠤᠵᠠᠭᠠᠨ ᠤᠨᠤᠭ ᠢᠳᠡᠭᠡᠰᠢᠨ ᠪᠣᠯᠪᠠᠰᠤᠷᠠᠵᠤ᠂ ᠤᠤᠯ ᠨᠢ ᠤᠪᠤᠭ ᠠᠢᠮᠠᠭ ᠤᠨ ᠳ᠋ᠠᠩ ᠭᠠᠭᠴᠠ ᠪᠦᠯᠦᠭᠲᠦ ᠲᠤᠤᠯᠢ ᠨᠤᠭᠤᠳ ᠪᠠᠢᠭᠰᠠᠨ ᠡᠴᠡ ᠪᠠᠨ ᠤᠭᠰᠠᠭ᠎ᠠ ᠶᠠᠰᠤᠲᠠᠨ ᠤ ᠲᠤᠤᠯᠢ ᠪᠣᠯᠤᠨ ᠬᠤᠷᠯᠳᠤᠵᠤ ᠬᠠᠮᠤᠭ ᠰᠡᠭᠦᠯ ᠳ᠋ᠡᠭᠡᠨ ᠦᠨᠳᠦᠰᠦᠲᠡᠨ ᠤ ᠲᠤᠤᠯᠢ ᠪᠣᠯᠵᠤ ᠬᠡᠪᠰᠢᠭᠰᠡᠨ ᠰᠢᠨᠵᠢᠲᠠᠢ ᠪᠠᠢᠨ᠎ᠠ᠃ ᠦᠨᠳᠦᠰᠦᠲᠡᠨ ᠤ ᠲᠤᠤᠯᠢ ᠪᠣᠯᠬᠤ ᠶᠢᠨ ᠬᠤᠪᠢ ᠳ᠋ᠤ《ᠵᠠᠩᠭᠠᠷ 》 ᠲᠤ ᠲᠤᠰᠬᠠᠭᠲᠠᠭᠰᠠᠨ ᠨᠡᠢᠭᠡᠮ ᠲᠡᠦᠬᠡ ᠶᠢᠨ ᠠᠬᠤᠢ ᠪᠠᠢᠳᠠᠯ ᠨᠢ ᠠᠷᠪᠠᠨ ᠲᠠᠪᠤ ᠡᠴᠡ ᠷᠪᠠᠨ ᠲᠤᠯᠤᠳᠤᠭᠠᠷ ᠵᠠᠭᠤᠨ ᠤ ᠤᠢᠷᠠᠳ ᠤᠨᠨᠡᠢᠭᠡᠮ ᠤᠨ ᠲᠡᠦᠬᠡ ᠶᠢᠨ ᠠᠬᠤᠢ ᠪᠠᠢᠳᠠᠯ ᠲᠠᠢ ᠦᠨᠳᠦᠰᠦᠨ ᠳ᠋ᠡᠭᠡᠨ ᠲᠣᠬᠢᠷᠠᠯᠴᠠᠨ᠎ᠠ》ᠭᠡᠳᠡᠭ ᠱᠦᠷᠭᠡᠢ ᠰᠠᠨᠠᠯ ᠢ ᠲᠡᠪᠰᠢᠬᠦᠯᠵᠦ ᠪᠢᠯᠡ᠃ |