摘要 |
ᠣᠷᠴᠢᠭᠤᠯᠭ᠎ᠠ ᠰᠤᠳᠤᠯᠭᠠᠨ ᠳᠤ ᠰᠠᠴᠠᠭᠤ ᠣᠷᠴᠢᠭᠤᠯᠭ᠎ᠠ ᠶᠢᠨ ᠣᠨᠣᠯ ᠨᠢ ᠮᠡᠷᠭᠡᠳ ᠦᠨ ᠮᠠᠷᠭᠤᠭᠠᠨ ᠤ ᠨᠢᠭᠡᠨ ᠲᠦᠪᠯᠡᠷᠡᠯ ᠪᠤᠯᠤᠭᠰᠠᠭᠠᠷ ᠪᠠᠢ᠌ᠨ᠎ᠠ᠃ ᠠᠳᠠᠯᠢ ᠪᠤᠰᠤ ᠬᠡᠯᠡᠨ ᠦ ᠬᠤᠭᠤᠷᠤᠨᠳᠤ ᠲᠤᠩ ᠶᠡᠬᠡ ᠢᠯᠭᠠᠭ᠎ᠠ ᠣᠷᠤᠰᠢᠳᠠᠭ ᠤᠴᠢᠷ ᠠᠴᠠ ᠣᠷᠴᠢᠭᠤᠯᠭ᠎ᠠ ᠳᠤ ᠪᠦᠷᠢᠮᠦᠰᠦᠨ ᠰᠠᠴᠠᠭᠤ ᠪᠠᠢ᠌ᠯᠭᠠᠬᠤ ᠭᠡᠳᠡᠭ ᠪᠤᠯ ᠪᠤᠯᠤᠮᠵᠢ ᠦᠭᠡᠢ ᠬᠡᠷᠡᠭ ᠶᠤᠮ᠃ ᠭᠡᠪᠡᠴᠦ ᠰᠠᠴᠠᠭᠤ ᠣᠷᠴᠢᠭᠤᠯᠭ᠎ᠠ ᠶᠢᠨ ᠣᠨᠣᠯ ᠨᠢ ᠣᠷᠴᠢᠭᠤᠯᠭ᠎ᠠ ᠪᠠᠷ ᠳᠠᠮᠵᠢᠵᠤ ᠢᠯᠡᠷᠡᠭᠰᠡᠨ ᠬᠡᠯᠡᠨ ᠦ ᠰᠤᠷᠠᠭ ᠵᠠᠩᠭᠢ ᠶᠢ ᠲᠤᠮᠢᠶᠠᠴᠢᠯᠠᠵᠤ᠂ ᠬᠡᠯᠡᠨ ᠦ ᠰᠤᠷᠠᠭ ᠵᠠᠩᠭᠢ ᠶᠢ ᠵᠠᠳᠠᠯᠬᠤ ᠪᠠ ᠳᠠᠮᠵᠢᠭᠤᠯᠬᠤ ᠳᠤ ᠦᠪᠡᠷ ᠦᠨ ᠳᠠᠪᠠᠭᠤᠯᠢᠭ ᠢᠶᠠᠨ ᠢᠯᠡᠷᠡᠭᠦᠯᠵᠦ ᠪᠤᠢ᠃ ᠡᠢ᠌ᠮᠦ ᠪᠤᠯᠬᠤᠷ ᠰᠠᠴᠠᠭᠤ ᠣᠷᠴᠢᠭᠤᠯᠭ᠎ᠠ ᠶᠢᠨ ᠣᠨᠣᠯ ᠨᠢ ᠣᠳᠣ ᠦᠶ᠎ᠡ ᠶᠢᠨ ᠣᠷᠴᠢᠭᠤᠯᠭ᠎ᠠ ᠶᠢᠨ ᠪᠠᠷᠢᠮᠵᠢᠶ᠎ᠠ ᠶᠢᠨ ᠨᠢᠭᠡᠨ ᠪᠤᠯᠤᠨ᠎ᠠ᠃ |