题名 |
ᠦᠷᠡᠯᠴᠢ ᠡᠪᠡᠰᠦ ᠶᠢᠨ ᠤᠭ ᠰᠤᠷᠪᠤᠯᠵᠢ ᠶᠢ ᠷᠾᠦ᠋ᠩᠪᠧ ᠡᠴᠡ ᠰᠢᠯᠭᠠᠨ ᠮᠠᠭᠠᠳᠯᠠᠬᠤ ᠨᠢ |
作者 |
ᠰᠡᠴᠡᠨ |
关键词 |
ᠮᠣᠩ᠋ᠭᠤᠯ ᠡᠮ; ᠦᠷᠡᠯᠴᠢ ᠡᠪᠡᠰᠦ; ᠷᠾᠦ᠋ᠩᠪᠧ; ᠮᠠᠭᠠᠳᠯᠠᠯᠲᠠ |
摘要 |
ᠮᠣᠩ᠋ᠭᠤᠯ ᠡᠮ ᠦᠨ ᠮᠠᠲ᠋ᠧᠷᠢᠶᠠᠯ ᠪᠤᠯᠬᠤ ᠦᠷᠡᠯᠴᠢ (ᠦᠷᠡᠯᠡᠭᠡᠴᠢ) ᠡᠪᠡᠰᠦ ᠶᠢ 《ᠷᠾᠦ᠋ᠩᠪᠧ》᠋ ᠪᠡᠷ ᠰᠢᠯᠭᠠᠨ ᠮᠠᠭᠠᠳᠯᠠᠭᠰᠠᠨ ᠢᠶᠠᠷ ᠪᠤᠯ᠂ ᠮᠣᠩ᠋ᠭᠤᠯ ᠡᠮᠴᠢ ᠶᠢᠨ ᠤᠳᠤᠬᠠᠨ ᠳᠤ ᠬᠡᠷᠡᠭᠯᠡᠵᠦ ᠪᠠᠢ᠌ᠭ᠎ᠠ ᠦᠷᠡᠯᠴᠢ (ᠦᠷᠡᠯᠡᠭᠡᠴᠢ) ᠡᠪᠡᠰᠦ ᠨᠢ ᠬᠤᠯᠳᠤᠰᠤᠨ ᠴᠡᠴᠡᠭ ᠦᠨ ᠢᠵᠠᠭᠤᠷ ᠤᠨ ᠣᠯᠠᠨ ᠨᠠᠰᠤᠲᠤ ᠡᠪᠡᠰᠦᠯᠢᠭ᠌ ᠤᠷᠭᠤᠮᠠᠯ ᠪᠤᠯᠬᠤ ᠦᠷᠡᠯᠴᠢ ᠡᠪᠡᠰᠦ (耧斗菜,Aquilegia uiridiflora Pall)᠋ ᠶᠢᠨ ᠬᠠᠲᠠᠭᠠᠭᠰᠠᠨ ᠪᠦᠬᠦᠯᠢ ᠡᠪᠡᠰᠦ ᠮᠦᠨ᠃ ᠲᠡᠷᠡ ᠨᠢ ᠭᠠᠰᠢᠭᠤᠨ ᠠᠮᠲᠠ ᠲᠠᠢ᠂ ᠰᠡᠷᠢᠭᠦᠨ᠂ ᠰᠢᠩᠭᠡᠨ᠂ ᠬᠦᠨᠳᠦ᠂ ᠬᠦᠯᠪᠡᠷᠢᠭᠦᠨ᠂ ᠰᠢᠷᠦᠭᠦᠨ᠂ ᠬᠤᠷᠴᠠ ᠵᠡᠷᠭᠡ ᠴᠢᠨᠠᠷ ᠡᠷᠳᠡᠮ ᠲᠡᠢ ᠪᠦᠭᠡᠳ ᠬᠦᠩᠭᠡᠵᠢᠬᠦ ᠶᠢ ᠲᠦᠷᠭᠡᠳᠭᠡᠬᠦ᠂ ᠬᠤᠢ᠌ᠳᠤᠬᠢ ᠰᠠᠭᠠᠲᠠᠭᠰᠠᠨ ᠢ ᠭᠠᠷᠭᠠᠬᠤ᠂ ᠰᠠᠷ᠎ᠠ ᠶᠢᠨ ᠭᠭᠢᠷ ᠢ ᠢᠷᠡᠭᠦᠯᠬᠦ᠂ ᠰᠢᠷᠬ᠎ᠠ ᠶᠢ ᠠᠨᠠᠭᠠᠬᠤ᠂ ᠡᠪᠡᠳᠬᠦ ᠶᠢ ᠵᠤᠭᠰᠤᠭᠠᠤ᠂ ᠰᠢᠷ᠎ᠠ ᠤᠰᠤ ᠶᠢ ᠬᠠᠲᠠᠭᠠᠬᠤ ᠴᠢᠳᠠᠯ ᠲᠠᠢ ᠡᠮᠳᠦ ᠤᠷᠭᠤᠮᠠᠯ ᠪᠤᠯᠤᠨ᠎ᠠ᠃ |
原文 |
查看原文
|
出自 |
内蒙古民族大学学报(蒙医药学)
2010年
第2期
|